ᠪᠦᠭᠦᠳᠡ ᠨᠠᠶᠢᠷᠠᠮᠳᠠᠬᠤ ᠤᠯᠤᠰ ᠢᠶᠠᠨ ᠲᠤᠩᠬᠠᠭᠯᠠᠵᠤ᠂ ᠠᠩᠬᠠᠳᠤᠭᠠᠷ ᠦᠨᠳᠦᠰᠦᠨ ᠬᠠᠤᠯᠢ ᠪᠠᠨ ᠪᠠᠲᠤᠯᠠᠭᠰᠠᠨ ᠡᠳᠦᠷ ᠢ ᠲᠣᠬᠢᠶᠠᠯᠳᠤᠭᠤᠯᠤᠨ ᠮᠣᠩᠭᠣᠯ ᠤᠯᠤᠰ ᠤᠨ ᠶᠡᠷᠦᠩᠬᠡᠶᠢᠯᠡᠭᠴᠢ ᠤ᠊∙ᠬᠦᠷᠡᠯᠰᠦ᠋ᠬᠡ ᠮᠣᠩᠭᠣᠯ ᠤᠯᠤᠰ ᠤᠨ ᠶᠡᠬᠡ ᠰᠤᠷᠭᠠᠭᠤᠯᠢ ᠶᠢᠨ᠍ ᠬᠠᠤᠯᠢ ᠵᠦᠢ ᠶᠢᠨ ᠰᠤᠷᠭᠠᠭᠤᠯᠢ ᠶᠢ ᠲᠦᠰᠢᠭᠯᠡᠨ ᠦᠨᠳᠦᠰᠦᠨ ᠬᠠᠤᠯᠢ ᠶᠢᠨ ᠡᠷᠬᠡ ᠵᠦᠢ ᠶᠢᠨ ᠬᠦᠷᠢᠶᠡᠯᠡᠩ ᠢ ᠪᠠᠶᠢᠭᠤᠯᠬᠤ ᠲᠤᠬᠠᠢ ᠵᠠᠷᠯᠢᠭ ᠭᠠᠷᠭᠠᠯ᠎ᠠ᠃ ᠮᠣᠩᠭᠣᠯ ᠤᠯᠤᠰ ᠲᠤ ᠦᠨᠳᠦᠰᠦᠨ ᠬᠠᠤᠯᠢᠲᠤ ᠶᠣᠰᠣ᠂ ᠦᠨᠳᠦᠰᠦᠨ ᠬᠠᠤᠯᠢᠲᠤ ᠪᠠᠶᠢᠭᠤᠯᠤᠯ ᠢ ᠪᠡᠬᠢᠵᠢᠭᠦᠯᠬᠦ᠂ ᠲᠦᠷᠦᠲᠦ ᠶᠣᠰᠣ᠂ ᠲᠡᠦᠬᠡ ᠰᠤᠶᠤᠯ᠂ ᠬᠦᠮᠦᠨ ᠦ ᠡᠷᠬᠡ᠂ ᠡᠷᠬᠡ ᠴᠢᠯᠦᠭᠡ᠂ ᠠᠷᠠᠳᠴᠢᠯᠠᠭᠰᠠᠨ ᠶᠣᠰᠣ᠂ ᠦᠨᠳᠦᠰᠦᠨ ᠦ ᠡᠪ ᠨᠢᠭᠡᠳᠦᠯ ᠢ ᠬᠠᠩᠭᠠᠬᠤ᠂ ᠬᠠᠤᠯᠢ ᠳᠡᠭᠡᠳᠦᠯᠡᠬᠦ ᠵᠠᠷᠴᠢᠮ ᠢ ᠪᠡᠬᠢᠵᠢᠭᠦᠯᠬᠦ᠂ ᠦᠨᠳᠦᠰᠦᠨ ᠬᠠᠤᠯᠢ ᠶᠢᠨ ᠡᠷᠬᠡ ᠵᠦᠢ ᠶᠢᠨ ᠰᠤᠳᠤᠯᠭᠠᠨ ᠢ ᠳᠡᠮᠵᠢᠬᠦ ᠵᠣᠷᠢᠯᠭ᠎ᠠ ᠪᠠᠷ ᠭᠠᠷᠭᠠᠭᠰᠠᠨ ᠮᠣᠩᠭᠣᠯ ᠤᠯᠤᠰ ᠤᠨ ᠶᠡᠷᠦᠩᠬᠡᠶᠢᠯᠡᠭᠴᠢ ᠶᠢᠨ ᠵᠠᠷᠯᠢᠭ ᠢ ᠮᠣᠩᠭᠣᠯ ᠤᠯᠤᠰ ᠤᠨ ᠶᠡᠬᠡ ᠰᠤᠷᠭᠠᠭᠤᠯᠢ ᠦᠨ ᠵᠠᠬᠢᠷᠤᠯ᠂ ᠳ᠋ᠣᠺᠲ᠋ᠣᠷ ᠪ ∙ ᠸᠴᠢᠷᠬᠤᠶᠠᠭ ᠲᠤ ᠥᠨᠥᠳᠥᠷ ᠭᠠᠷᠳᠠᠭᠤᠯᠤᠨ ᠥᠭᠪᠡ᠃
ᠦᠨᠳᠦᠰᠦᠨ ᠬᠠᠤᠯᠢ ᠶᠢᠨ ᠡᠷᠬᠡ ᠵᠦᠢ ᠶᠢᠨ ᠬᠦᠷᠢᠶᠡᠯᠡᠩ ᠢ ᠪᠠᠶᠢᠭᠤᠯᠤᠭᠰᠠᠨ ᠢᠶᠠᠷ ᠦᠨᠳᠦᠰᠦᠨ ᠬᠠᠤᠯᠢ ᠶᠢᠨ ᠮᠥᠨ ᠴᠢᠨᠠᠷ᠂ ᠬᠠᠤᠯᠢ ᠳᠡᠭᠡᠳᠦᠯᠡᠬᠦ ᠵᠠᠷᠴᠢᠮ ᠢ ᠲᠥᠯᠦᠪᠰᠢᠭᠦᠯᠬᠦ᠂ ᠦᠨᠳᠦᠰᠦᠨ ᠬᠠᠤᠯᠢᠲᠤ ᠶᠣᠰᠣᠨ ᠤ ᠲᠡᠦᠬᠡᠨ ᠠᠴᠢ ᠬᠣᠯᠪᠣᠭᠳᠠᠯ ᠢ ᠰᠤᠷᠲᠠᠯᠴᠢᠯᠠᠨ ᠲᠠᠨᠢᠭᠤᠯᠬᠤ᠂ ᠦᠨᠳᠦᠰᠦᠨ ᠬᠠᠤᠯᠢ ᠪᠠᠨ ᠰᠠᠬᠢᠨ ᠮᠥᠷᠳᠡᠭᠦᠯᠬᠦ ᠣᠨᠴᠠᠭᠠᠢ ᠠᠴᠢ ᠬᠣᠯᠪᠣᠭᠳᠠᠯ ᠲᠠᠢ ᠶᠤᠮ᠃ ᠮᠣᠩᠭᠣᠯ ᠤᠯᠤᠰ 1924 ᠣᠨ ᠤ ᠠᠷᠪᠠᠨ ᠨᠢᠭᠡᠳᠦᠭᠡᠷ ᠰᠠᠷ᠎ᠠ ᠶᠢᠨ 26 ᠳᠤ ᠠᠩᠬᠠᠳᠤᠭᠠᠷ ᠦᠨᠳᠦᠰᠦᠨ ᠬᠠᠤᠯᠢ ᠪᠠᠨ ᠪᠠᠲᠤᠯᠠᠵᠤ᠂ ᠪᠦᠭᠦᠳᠡ ᠨᠠᠶᠢᠷᠠᠮᠳᠠᠬᠤ ᠵᠠᠰᠠᠭ᠂ ᠲᠤᠰᠠᠭᠠᠷ ᠤᠯᠤᠰ ᠤᠨ ᠢᠶᠠᠨ ᠪᠦᠷᠢᠨ ᠡᠷᠬᠡᠲᠦ ᠪᠠᠶᠢᠳᠠᠯ ᠢ ᠬᠦᠯᠢᠶᠡᠨ ᠵᠥᠪᠰᠢᠶᠡᠷᠡᠭᠦᠯᠦᠭᠰᠡᠨ ᠪᠢᠯᠡ᠃ ᠠᠩᠬᠠᠳᠤᠭᠠᠷ ᠦᠨᠳᠦᠰᠦᠨ ᠬᠠᠤᠯᠢ ᠶᠢ ᠪᠣᠯᠪᠠᠰᠤᠷᠠᠭᠤᠯᠬᠤ ᠳᠤ ᠪᠠᠨ ᠬᠦᠮᠦᠨ ᠲᠥᠷᠥᠯᠬᠢᠲᠡᠨ ᠦ ᠰᠤᠶᠤᠯ ᠢᠷᠭᠡᠨᠰᠢᠯ ᠦᠨ ᠣᠯᠤᠯᠲᠠ᠂ ᠣᠷᠴᠢᠨ ᠦᠶ᠎ᠡ ᠶᠢᠨ ᠦᠨᠳᠦᠰᠦᠨ ᠬᠠᠤᠯᠢᠲᠤ ᠶᠣᠰᠣᠨ ᠤ ᠰᠠᠭᠤᠷᠢ ᠰᠤᠳᠤᠯᠭᠠᠨ ᠢ ᠠᠩᠬᠠᠯᠠᠨ ᠬᠢᠭᠰᠡᠨ ᠪᠥᠭᠡᠳ ᠠᠽᠢᠶ᠎ᠠ ᠲᠢᠪ ᠲᠦ ᠪᠡᠨ ᠲᠡᠷᠢᠭᠦᠨ ᠳᠦ ᠤᠷᠤᠬᠤ ᠠᠩᠬᠠᠳᠠᠭᠴᠢ ᠪᠢᠴᠢᠮᠡᠯ ᠦᠨᠳᠦᠰᠦᠨ ᠬᠠᠤᠯᠢ ᠪᠠᠶᠢᠪᠠ᠃