ᠣᠷᠣᠨ ᠳᠠᠶᠠᠭᠠᠷ ᠠᠵᠤ ᠠᠬᠤᠢ ᠶᠢᠨ ᠨᠢᠭᠡᠴᠢ ᠪᠠᠢᠭᠤᠯᠤᠯᠭ᠎ᠠ ᠶᠢᠨ ᠤᠯᠤᠰ ᠤᠨ ᠲᠣᠭᠠᠯᠠᠯᠭ᠎ᠠ ᠶᠠᠪᠤᠭᠳᠠᠵᠤ ᠪᠠᠶᠢᠨ᠎ᠠ᠃ ᠡᠨᠡ ᠬᠦ ᠦᠢᠯᠡ ᠠᠵᠢᠯᠯᠠᠭᠠᠨ ᠳᠤ ᠰᠡᠯᠡᠩᠭᠡ ᠠᠶᠢᠮᠠᠭ ᠤᠨ ᠬᠡᠮᠵᠢᠶᠡᠨ ᠳᠦ ᠨᠡᠶᠢᠲᠡ 4209 ᠠᠵᠤ ᠠᠬᠤᠢ ᠶᠢᠨ ᠨᠢᠭᠡᠴᠢ ᠪᠠᠢᠭᠤᠯᠤᠯᠭ᠎ᠠ ᠬᠠᠮᠤᠷᠤᠭᠳᠠᠬᠤ ᠶᠤᠮ᠃ ᠥᠨᠥᠳᠥᠷ ᠦᠨ ᠪᠠᠶᠢᠳᠠᠯ ᠢᠶᠠᠷ 86.5 ᠬᠤᠪᠢ ᠨᠢ ᠪᠤᠶᠤ 3639 ᠠᠵᠤ ᠠᠬᠤᠢ ᠶᠢᠨ ᠨᠢᠭᠡᠴᠢ ᠪᠠᠢᠭᠤᠯᠤᠯᠭ᠎ᠠ᠂ 857ᠬᠤᠪᠢ ᠪᠠᠷ ᠢᠶᠠᠨ ᠬᠥᠳᠡᠯᠮᠦᠷᠢ ᠡᠷᠬᠢᠯᠡᠭᠴᠢᠳ ᠲᠣᠭᠠᠯᠠᠯᠭ᠎ᠠ ᠳᠤ ᠬᠠᠮᠤᠷᠤᠭᠳᠠᠵᠠᠢ᠃
ᠲᠤᠭᠠᠯᠠᠯᠭ᠎ᠠ ᠴᠠᠭᠠᠨᠨᠠᠭᠤᠷ᠂ ᠬᠤᠰᠢᠶᠠᠳ ᠰᠤᠮᠤ ᠳᠤ 100 ᠬᠤᠪᠢ᠂ ᠰᠠᠩᠲᠤ᠂ ᠣᠷᠬᠣᠨ᠂ ᠲᠦᠰᠢᠭ᠂ ᠠᠯᠲᠠᠨᠪᠤᠯᠠᠭ᠂ ᠢᠷᠦᠭᠡ ᠰᠤᠮᠤ ᠳᠤ 90.9-98.5 ᠬᠤᠪᠢ ᠲᠠᠢ ᠪᠠᠶᠢᠨ᠎ᠠ᠃ ᠬᠠᠷᠢᠨ ᠪᠤᠰᠤᠳ ᠰᠤᠮᠤ 88.4-72.5 ᠬᠤᠪᠢ ᠲᠠᠢ ᠪᠤᠶᠤ ᠬᠠᠮᠤᠭ ᠤᠨ ᠣᠷᠣᠯᠴᠠᠭ᠎ᠠ ᠪᠠᠭᠠᠲᠠᠢ ᠪᠠᠶᠢᠭ᠎ᠠ ᠨᠢ ᠠᠶᠢᠮᠠᠭ ᠤᠨ ᠲᠥᠪ ᠰᠦᠬᠡᠪᠠᠭᠠᠲᠤᠷ᠂ ᠪᠠᠷᠠᠭᠤᠨ ᠪᠦᠷᠢᠨ ᠰᠤᠮᠤ ᠠᠵᠠᠢ᠃ ᠲᠣᠭᠠᠯᠠᠯᠭ᠎ᠠ ᠳᠤ ᠬᠠᠮᠤᠷᠤᠭᠳᠠᠭᠰᠠᠨ ᠢᠶᠠᠷ ᠪᠠᠶᠢᠭᠤᠯᠤᠯᠭ᠎ᠠ ᠨᠤᠭᠤᠳ ᠦᠢᠯᠡ ᠠᠵᠢᠯᠯᠠᠭ᠎ᠠ ᠪᠠᠨ ᠲᠥᠷᠥ ᠳᠦ ᠪᠡᠨ ᠪᠦᠷᠢᠳᠬᠡᠭᠦᠯᠵᠦ᠂ ᠦᠨᠡᠯᠡᠭᠦᠯᠵᠦ᠂ ᠲᠥᠷᠥ ᠵᠠᠰᠠᠭ ᠤᠨ ᠢᠶᠠᠨ ᠲᠤᠰᠠᠯᠠᠮᠵᠢ ᠳᠡᠮᠵᠢᠯᠭᠡ ᠶᠢ ᠬᠦᠷᠲᠡᠬᠦ ᠪᠣᠯᠤᠮᠵᠢ ᠲᠠᠢ ᠶᠤᠮ ᠃