ᠵᠠᠰᠠᠭ ᠤᠨ ᠭᠠᠵᠠᠷ ᠤᠨ ᠡᠭᠡᠯᠵᠢᠲᠦ ᠬᠤᠷᠠᠯᠳᠤᠭᠠᠨ ᠳᠤ ᠬᠦᠨᠡᠰᠦ ᠬᠦᠳᠡᠭᠡ ᠠᠵᠤ ᠠᠬᠤᠢ ᠬᠦᠩᠭᠡᠨ ᠦᠢᠯᠡᠳᠪᠤᠷᠢ ᠶᠢᠨ ᠶᠠᠮᠤᠨ ᠤ ᠰᠠᠶᠢᠳ ᠽ∙ᠮᠡᠨᠳᠦᠰᠠᠶᠢᠬᠠᠨ ᠤᠷᠭᠤᠴᠠ ᠬᠤᠷᠢᠶᠠᠯᠲᠠ ᠶᠢᠨ ᠤᠷᠢᠳᠴᠢᠯᠠᠭᠰᠠᠨ ᠳ᠋ᠦᠩ ᠢ ᠵᠠᠰᠠᠭ ᠤᠨ ᠭᠠᠵᠠᠷ ᠤᠨ ᠬᠤᠷᠠᠯᠳᠤᠭᠠᠨ ᠳᠤ ᠲᠠᠨᠢᠯᠴᠠᠭᠤᠯᠤᠭᠰᠠᠨ ᠤ ᠳᠠᠷᠠᠭ᠎ᠠ ᠶᠡᠷᠦᠩᠬᠡᠢ ᠰᠠᠶᠢᠳ ᠤᠨ ᠬᠡᠪᠯᠡᠯ ᠦᠨ ᠲᠥᠯᠥᠭᠡᠯᠡᠭᠴᠢ ᠴ∙ᠪᠣᠯᠣᠷᠲᠤᠶᠠᠭ᠎ᠠ ᠡᠨᠡ ᠲᠤᠬᠠᠢ ᠲᠣᠪᠴᠢ ᠲᠠᠨᠢᠯᠴᠠᠭᠤᠯᠤᠭᠰᠠᠨ ᠶᠤᠮ᠃
ᠲᠡᠷᠡᠪᠡᠷ᠄ ᠤᠷᠢᠳᠴᠢᠯᠠᠭᠰᠠᠨ ᠳ᠋ᠦᠩ ᠢᠶᠡᠷ 404.3 ᠮᠢᠩᠭᠠᠨ ᠭᠠ ᠲᠠᠯᠠᠪᠠᠢ ᠠᠴᠠ 605.6 ᠮᠢᠩᠭᠠᠨ ᠲᠣᠨ ᠦᠷ᠎ᠡ ᠲᠠᠷᠢᠶ᠎ᠠ ᠬᠤᠷᠢᠶᠠᠨ ᠠᠪᠤᠭᠰᠠᠨ᠃ ᠡᠭᠦᠨ ᠡᠴᠡ 567 ᠮᠢᠩᠭᠠᠨ ᠲᠣᠨ ᠨᠢ ᠤᠯᠠᠭᠠᠨ ᠪᠤᠭᠤᠳᠠᠢ ᠪᠠᠶᠢᠨ᠎ᠠ᠃ ᠮᠥᠨ 18.5 ᠮᠢᠩᠭᠠᠨ ᠭᠠ ᠲᠠᠯᠠᠪᠠᠢ ᠠᠴᠠ 181.5 ᠮᠢᠩᠭᠠᠨ ᠲᠣᠨ ᠲᠥᠮᠥᠰᠥ᠂ 53.6 ᠮᠢᠩᠭᠠᠨ ᠲᠣᠨ ᠲᠣᠰᠤᠨ ᠤ ᠤᠷᠭᠤᠮᠠᠯ ᠤᠨ ᠤᠷᠭᠤᠮᠠᠯ ᠬᠤᠷᠢᠶᠠᠨ ᠠᠪᠤᠭᠠᠳ ᠪᠠᠶᠢᠨ᠎ᠠ᠃ ᠤᠷᠭᠤᠴᠠ ᠶᠢᠨ ᠳ᠋ᠦᠩ ᠥᠩᠭᠡᠷᠡᠭᠰᠡᠨ ᠣᠨ ᠤ ᠬᠢ ᠲᠠᠢ ᠬᠠᠷᠢᠴᠠᠭᠤᠯᠬᠤ ᠳᠤ ᠤᠯᠠᠭᠠᠨ ᠪᠤᠭᠤᠳᠠᠢ 155.8 ᠮᠢᠩᠭᠠᠨ ᠲᠣᠨ᠂ ᠲᠡᠵᠢᠭᠡᠯ ᠦᠨ ᠤᠷᠭᠤᠮᠠᠯ 130.8 ᠮᠢᠩᠭᠠᠨ ᠲᠣᠨ᠂ ᠲᠣᠰᠤᠨ ᠤ ᠤᠷᠭᠤᠮᠠᠯ 32.3 ᠮᠢᠩᠭᠠᠨ ᠲᠣᠨ ᠢᠶᠠᠷ ᠶᠡᠬᠡ ᠪᠠᠶᠢᠨ᠎ᠠ ᠭᠡᠯᠡ᠃