ᠵᠠᠮ ᠲᠡᠭᠡᠭᠡᠪᠦᠷᠢ᠂ ᠬᠥᠭᠵᠢᠯ ᠦᠨᠶᠠᠮᠤᠨ ᠤ ᠰᠠᠶᠢᠳ ᠯ∙ᠬᠠᠯᠲᠠᠷ ᠢᠷᠡᠬᠦ ᠣᠨ ᠳᠤ ᠲᠥᠰᠥᠪ ᠦᠨ ᠬᠥᠷᠥᠩᠭᠡ ᠪᠡᠷ ᠬᠢᠭᠳᠡᠬᠦ ᠠᠵᠢᠯ ᠤᠳ ᠤᠨ ᠲᠠᠯ᠎ᠠ ᠪᠠᠷ ᠲᠠᠨᠢᠯᠴᠠᠭᠤᠯᠤᠯ᠎ᠠ᠃ ᠲᠡᠷᠡᠪᠡᠷ᠄ 2022 ᠣᠨ ᠳᠤ ᠬᠡᠨᠲᠡᠢ ᠠᠶᠢᠮᠠᠭ ᠲᠤ︽ᠥᠨᠳᠥᠷᠬᠠᠨ︾ᠨᠢᠰᠬᠦ ᠪᠠᠭᠤᠳᠠᠯ ᠢ ᠠᠰᠢᠭᠯᠠᠯᠲᠠ ᠳᠤ ᠣᠷᠣᠭᠤᠯᠬᠤ ᠪᠠᠷ ᠠᠵᠢᠯᠯᠠᠵᠤ ᠪᠠᠶᠢᠨ᠎ᠠ᠃ ᠡᠭᠦᠨ ᠳᠦ ᠢᠷᠡᠬᠦ ᠣᠨ ᠳᠤ ᠤᠯᠤᠰ ᠤᠨ ᠲᠥᠰᠥᠪ ᠡᠴᠡ 9.9 ᠲᠡᠷᠪᠤᠮ ᠲᠥᠭᠥᠷᠢᠭ ᠲᠥᠰᠥᠪᠯᠡᠭᠰᠡᠨ᠃
ᠦᠨᠳᠦᠰᠦᠨ ᠳᠦ ᠪᠡᠨ ᠺᠤᠸᠠᠢᠲ ᠤᠯᠤᠰ ᠤᠨ ᠬᠥᠷᠥᠩᠭᠡ ᠣᠷᠣᠭᠤᠯᠤᠯᠲᠠ ᠪᠠᠷ ᠡᠨᠡ ᠠᠵᠢᠯ ᠬᠢᠭᠳᠡᠨ᠎ᠡ᠃
ᠮᠥᠨ ᠬᠡᠨᠲᠡᠢ ᠠᠶᠢᠮᠠᠭ ᠤᠨ ᠳᠠᠳᠤᠯ ᠰᠤᠮᠤ ᠶᠢᠨ ᠨᠤᠲᠤᠭ ᠲᠤ︽ᠳᠡᠯᠢᠭᠦᠨ ᠪᠣᠯᠳᠣᠭ︾ᠨᠢᠰᠬᠦ ᠪᠠᠭᠤᠳᠠᠯ ᠢ ᠪᠠᠷᠢᠬᠤ ᠳᠤ ᠵᠣᠷᠢᠭᠤᠯᠵᠤ ᠲᠠᠪᠤᠨ ᠲᠡᠷᠪᠤᠮ ᠲᠥᠭᠥᠷᠢᠭ ᠲᠥᠰᠥᠪᠯᠡᠭᠰᠡᠨ᠃ ᠥᠭᠡᠷ᠎ᠡ ᠪᠡᠷ ᠬᠡᠯᠡᠪᠡᠯ᠂ 2022 ᠣᠨ ᠳᠤ ᠡᠨᠡ ᠬᠤᠶᠠᠷ ᠨᠢᠰᠬᠦ ᠪᠠᠭᠤᠳᠠᠯ ᠢ ᠠᠰᠢᠭᠯᠠᠯᠲᠠ ᠳᠤ ᠤᠷᠤᠭᠤᠯᠤᠨ᠎ᠠ ᠭᠡᠯᠡ᠃