ᠡᠨᠡ ᠣᠨ ᠤ ᠡᠬᠢᠨ ᠦ ᠶᠢᠰᠦᠨ ᠰᠠᠷ᠎ᠠ ᠶᠢᠨ ᠪᠠᠶᠢᠳᠠᠯ ᠢᠶᠠᠷ ᠮᠠᠨ ᠤ ᠤᠯᠤᠰ ᠤᠨ ᠭᠠᠳᠠᠭᠠᠳᠤ ᠬᠤᠳᠠᠯᠳᠤᠭᠠᠨ ᠤ ᠪᠠᠷᠠᠭ᠎ᠠ ᠡᠷᠭᠢᠯᠲᠡ 11.5 ᠲᠡᠷᠪᠤᠮ ᠳ᠋ᠣᠯᠯᠠᠷ ᠪᠣᠯᠵᠤ᠂ 27.1 ᠬᠤᠪᠢ ᠪᠠᠷ ᠥᠰᠦᠭᠰᠡᠨ ᠦᠵᠡᠭᠦᠯᠦᠯᠲᠡ ᠲᠡᠢ ᠭᠠᠷᠪᠠ᠃ ᠶᠢᠰᠦᠳᠦᠭᠡᠷ ᠰᠠᠷ᠎ᠠ ᠳᠤ ᠮᠠᠨ ᠤ ᠤᠯᠤᠰ ᠬᠢᠲᠠᠳ ᠲᠠᠢ 7.7 ᠲᠡᠷᠪᠤᠮ ᠳ᠋ᠣᠯᠯᠠᠷ ᠤᠨ ᠬᠤᠳᠠᠯᠳᠤᠭ᠎ᠠ ᠬᠢᠭᠰᠡᠨ ᠨᠢ ᠭᠠᠳᠠᠭᠠᠳᠤ ᠬᠤᠳᠠᠯᠳᠤᠭᠠᠨ ᠤ ᠨᠡᠶᠢᠲᠡ ᠪᠠᠷᠠᠭ᠎ᠠ ᠡᠷᠭᠢᠯᠲᠡ ᠶᠢᠨ 67 ᠣᠷᠴᠢᠮ ᠬᠤᠪᠢ ᠶᠢ ᠡᠵᠡᠯᠡᠵᠦ ᠪᠠᠶᠢᠨ᠎ᠠ᠃
ᠵᠡᠰ ᠦᠨ ᠪᠠᠶᠠᠵᠢᠮᠠᠯ ᠤᠨ ᠭᠠᠷᠭᠠᠭᠰᠠᠨ ᠪᠡᠶᠡᠲᠦ ᠬᠡᠮᠵᠢᠶ᠎ᠡ ᠡᠮᠦᠨᠡᠬᠢ ᠣᠨ ᠤ ᠮᠥᠨ ᠦᠶ᠎ᠡ ᠶᠢᠨ ᠲᠦᠪᠰᠢᠨ ᠳᠦ ᠪᠠᠶᠢᠭ᠎ᠠ ᠬᠡᠳᠦᠢ ᠴᠤ ᠦᠨ᠎ᠡ ᠶᠢᠨ ᠳ᠋ᠦᠩ ᠨᠢ 97.8 ᠬᠤᠪᠢ ᠪᠠᠷ ᠥᠰᠴᠠᠢ᠃ ᠨᠡᠭᠦᠷᠡᠰᠦᠨ ᠦ ᠪᠡᠶᠡᠲᠦ ᠬᠡᠮᠵᠢᠶ᠎ᠡ 37.5 ᠬᠤᠪᠢ ᠪᠠᠷ ᠪᠠᠭᠤᠷᠠᠭᠰᠠᠨ ᠴᠤ ᠦᠨ᠎ᠡ ᠶᠢᠨ ᠳ᠋ᠦᠩ ᠨᠢ ᠡᠮᠦᠨᠡᠬᠢ ᠣᠨ ᠤ ᠲᠦᠪᠰᠢᠨ ᠳᠦ ᠪᠠᠶᠢᠨ᠎ᠠ᠃