ᠼᠢᠷᠺ ᠲᠦ ᠡᠭᠦᠰᠦᠭᠡᠳ ᠪᠤᠢ ᠨᠥᠬᠥᠴᠡᠯ ᠪᠠᠶᠢᠳᠠᠯ ᠳᠤ ᠰᠤᠶᠤᠯ ᠤᠨᠶᠠᠮᠤᠨ ᠶᠠᠮᠠᠷ ᠪᠠᠶᠢᠷᠢ ᠰᠠᠭᠤᠷᠢ ᠲᠠᠢ ᠪᠠᠶᠢᠭ᠎ᠠ ᠶᠢ ᠲᠣᠳᠣᠷᠠᠭᠤᠯᠤᠯ᠎ᠠ᠃ ᠰᠤᠶᠤᠯ ᠤᠨ ᠰᠠᠶᠢᠳ ᠴ ∙ ᠨᠣᠮᠢᠨ᠄ ᠼᠢᠷᠺ ᠦᠨ ᠤᠷᠠᠯᠢᠭ ᠤᠨ ᠬᠢᠨ ᠪᠣᠯ ᠮᠠᠨ ᠤ ᠰᠤᠶᠤᠯ ᠤᠷᠠᠯᠢᠭ ᠤᠨ ᠰᠠᠯᠪᠤᠷᠢ ᠶᠢᠨ ᠮᠠᠰᠢ ᠲᠣᠮᠣ ᠡᠺᠰᠫᠣᠷᠲ ᠃ ᠡᠨᠡ ᠤᠷᠠᠯᠢᠭ ᠤᠨ ᠤᠷᠠᠨ ᠪᠦᠲᠦᠭᠡᠯᠴᠢᠳ ᠢ ᠪᠡᠯᠡᠳᠬᠦ ᠰᠠᠭᠤᠷᠢ ᠰᠤᠷᠭᠠᠭᠤᠯᠢ ᠨᠢ ᠮᠠᠰᠢ ᠰᠠᠶᠢᠨ ᠪᠠᠶᠢᠬᠤ ᠬᠡᠷᠡᠭᠲᠡᠢ᠃ ᠣᠳᠣ ᠪᠠᠶᠢᠭ᠎ᠠ ᠼᠢᠷᠺ ᠮᠧᠨᠧᠵᠮᠧᠨᠲ ᠦᠨ ᠭᠡᠷ᠎ᠡ ᠶᠢᠨ ᠢᠶᠡᠨ ᠳᠠᠭᠠᠤ ᠬᠦᠯᠢᠶᠡᠭᠰᠡᠨ ᠡᠭᠦᠷᠭᠡ ᠪᠡᠨ ᠪᠡᠶᠡᠯᠡᠭᠦᠯᠬᠦ ᠬᠡᠷᠡᠭᠲᠡᠢ ᠶᠤᠮ᠃
ᠰᠤᠶᠤᠯ ᠤᠨ ᠶᠠᠮᠤᠨ ᠼᠢᠷᠺ ᠦᠨ ᠪᠠᠷᠢᠯᠭ᠎ᠠ ᠳᠤ ᠡᠭᠦᠰᠦᠭᠡᠳ ᠪᠤᠢ ᠠᠰᠠᠭᠤᠳᠠᠯ ᠳᠤ ᠪᠠᠶᠢᠷᠢ ᠰᠠᠭᠤᠷᠢ ᠪᠠᠨ ᠬᠡᠳᠦ ᠬᠡᠳᠦᠨ ᠤᠳᠠᠭ᠎ᠠ ᠢᠯᠡᠷᠬᠡᠶᠢᠯᠡᠭᠰᠡᠨ᠃ ᠬᠥᠷᠥᠩᠭᠡ ᠣᠷᠣᠭᠤᠯᠤᠯᠲᠠ ᠪᠠᠨ ᠮᠠᠰᠢ ᠶᠠᠭᠠᠷᠠᠯᠲᠠᠢ ᠳᠠᠭᠤᠰᠬ᠎ᠠ᠃ ᠪᠠᠷᠢᠯᠭ᠎ᠠ ᠶᠢᠨ ᠠᠵᠢᠯ ᠢ ᠳᠠᠭᠤᠰᠬᠠᠨ᠂ ᠤᠷᠠᠨ ᠪᠦᠲᠦᠭᠡᠯᠴᠢᠳ ᠢ ᠪᠡᠯᠡᠳᠬᠡᠯ ᠰᠤᠷᠭᠠᠭᠤᠯᠤᠯᠲᠠ ᠪᠠᠨ ᠬᠢᠬᠦ ᠨᠥᠬᠥᠴᠡᠯ ᠢᠶᠡᠷ ᠬᠠᠩᠭ᠎ᠠ ᠭᠡᠳᠡᠭ ᠰᠠᠨᠠᠯ ᠢ ᠬᠦᠷᠭᠡᠭᠦᠯᠦᠭᠰᠡᠨ᠃
ᠬᠥᠷᠥᠩᠭᠡ ᠣᠷᠣᠭᠤᠯᠤᠯᠲᠠ᠂ ᠵᠢᠷᠤᠭ ᠲᠥᠰᠥᠯ ᠢᠶᠡᠨ ᠪᠦᠷᠢᠨ ᠭᠠᠷᠭᠠᠭᠰᠠᠨ ᠪᠠ ᠬᠤᠪᠢᠴᠢᠯᠠᠬᠤ ᠳᠤ ᠬᠢᠭᠰᠡᠨ ᠭᠡᠷ᠎ᠡ ᠶᠢᠨ ᠢᠶᠡᠨ ᠳᠠᠭᠠᠤ ᠠᠰᠢᠭᠯᠠᠯᠲᠠ ᠳᠤ ᠣᠷᠣᠭᠤᠯᠬᠤ ᠳᠤ ᠼᠢᠷᠺ ᠦᠨ ᠤᠷᠠᠨ ᠪᠦᠲᠦᠭᠡᠯᠴᠢᠳ ᠦᠨ ᠳᠠᠰᠬᠠᠯ ᠬᠢᠬᠦ ᠪᠣᠯᠤᠮᠵᠢ ᠶᠢ ᠬᠠᠩᠭᠠᠬᠤ ᠬᠡᠷᠡᠭᠲᠡᠢ ᠭᠡᠳᠡᠭ ᠬᠠᠲᠠᠭᠤ ᠪᠠᠶᠢᠷᠢ ᠰᠠᠭᠤᠷᠢ ᠲᠠᠢ ᠪᠠᠶᠢᠭ᠎ᠠ᠃ ᠮᠥᠨ ᠪᠢᠳᠡ ᠳᠠᠬᠢᠨ ᠰᠢᠨᠡᠴᠢᠯᠡᠭᠰᠡᠨ ᠭᠡᠷ᠎ᠡ ᠬᠢᠬᠦ ᠲᠠᠯ᠎ᠠ ᠪᠠᠷ ᠬᠡᠯᠡᠯᠴᠡᠵᠦ ᠪᠠᠶᠢᠨ᠎ᠠ ᠬᠡᠮᠡᠪᠡ᠃