ᠬᠣᠪᠳᠣ ᠠᠶᠢᠮᠠᠭ ᠤᠨ ᠨᠡᠶᠢᠲᠡ ᠬᠦᠮᠦᠨ ᠠᠮᠠ ᠶᠢᠨ 50 ᠭᠠᠷᠤᠢ ᠬᠤᠪᠢ ᠶᠢ15-34 ᠨᠠᠰᠤᠨ ᠤ ᠵᠠᠯᠠᠭᠤᠴᠤᠳ ᠡᠵᠡᠯᠡᠳᠡᠭ᠃ ᠡᠶᠢᠮᠦ ᠡᠴᠡ ᠬᠣᠪᠳᠣ ᠠᠶᠢᠮᠠᠭ ᠤᠨ ᠬᠥᠳᠡᠯᠮᠦᠷᠢ ᠬᠠᠯᠠᠮᠵᠢ ᠶᠢᠨ ᠦᠢᠯᠡᠴᠢᠯᠡᠭᠡᠨ ᠦ ᠭᠠᠵᠠᠷ ᠠᠴᠠ《ᠵᠠᠯᠠᠭᠤᠴᠤᠳ ᠤᠨ ᠬᠥᠳᠡᠯᠮᠦᠷᠢ ᠡᠷᠬᠢᠯᠡᠯᠲᠡ᠂ ᠭᠠᠷᠤᠭᠠᠨ ᠤ ᠪᠢᠽᠢᠨᠧᠰ ᠢ ᠳᠡᠮᠵᠢᠬᠦ》ᠦᠢᠯᠡ ᠠᠵᠢᠯᠯᠠᠭ᠎ᠠ ᠶᠢ ᠵᠢᠯ ᠪᠦᠷᠢ ᠵᠣᠬᠢᠶᠠᠨ ᠪᠠᠶᠢᠭᠤᠯᠵᠤ ᠪᠤᠢ᠃ 2017 ᠣᠨ ᠠᠴᠠ ᠬᠣᠶᠢᠰᠢ ᠵᠠᠯᠠᠭᠤᠴᠤᠳ ᠢᠶᠠᠷ ᠤᠳᠤᠷᠢᠳᠤᠭᠤᠯᠤᠭᠰᠠᠨ 42 ᠰᠢᠨ᠎ᠡ ᠭᠠᠷᠤᠭᠠᠨ ᠤ ᠪᠢᠽᠢᠨᠧᠰ ᠲᠥᠰᠦᠯ ᠢ ᠳᠡᠮᠵᠢᠵᠦ᠂ ᠰᠠᠩᠬᠦᠦ ᠶᠢᠨ ᠳᠡᠮᠵᠢᠯᠭᠡ ᠣᠯᠭᠤᠵᠤ ᠪᠠᠢᠪᠠ᠃ ᠡᠨᠡ ᠣᠨ ᠳᠤ《ᠵᠠᠯᠠᠭᠤᠴᠤᠳ ᠤᠨ ᠬᠥᠳᠡᠯᠮᠦᠷᠢ ᠡᠷᠬᠢᠯᠡᠯᠲᠡ᠂ ᠭᠠᠷᠤᠭᠠᠨ ᠤ ᠪᠢᠽᠢᠨᠧᠰ ᠢ ᠳᠡᠮᠵᠢᠬᠦ》 ᠦᠢᠯᠡ ᠠᠵᠢᠯᠯᠠᠭ᠎ᠠ ᠳᠤ ᠤᠷᠤᠯᠴᠠᠬᠤ ᠬᠦᠮᠦᠰ ᠢ ᠶᠢᠰᠦᠳᠦᠭᠡᠷ ᠰᠠᠷ᠎ᠠ ᠶᠢᠨ 20-30 ᠤ ᠡᠳᠦᠷ ᠪᠦᠷᠢᠳᠬᠡᠨ᠎ᠡ
ᠡᠭᠦᠨ ᠦ ᠦᠷ᠎ᠡ ᠳ᠋ᠦᠩ ᠳᠦ ᠰᠢᠨ᠎ᠡ ᠲᠧᠭᠨᠣᠯᠣᠭᠢ᠂ ᠢᠨᠨᠣᠸᠠᠼ ᠪᠦᠬᠦᠢ ᠰᠢᠨᠡᠯᠢᠭ ᠰᠠᠨᠠᠯ᠂ ᠰᠠᠨᠠᠭᠠᠴᠢᠯᠠᠭ᠎ᠠ ᠭᠠᠷᠭᠠᠭᠰᠠᠨ ᠨᠢᠭᠡ ᠰᠢᠯᠢᠳᠡᠭ 《ᠰᠲ᠋ᠠᠷᠲ ᠠᠫ》ᠵᠠᠯᠠᠭᠤᠴᠤᠳ ᠤᠨ ᠪᠠᠭ ᠲᠤ 10 ᠰᠠᠶ᠎ᠠ ᠲᠥᠭᠦᠷᠢᠭ ᠦᠨ ᠡᠷᠭᠢᠨ ᠲᠦᠯᠦᠬᠦ ᠨᠥᠬᠥᠴᠡᠯ ᠦᠭᠡᠢ ᠰᠠᠩᠬᠦᠦ ᠶᠢᠨ ᠳᠡᠮᠵᠢᠯᠭᠡ ᠣᠯᠭᠤᠨ᠎ᠠ᠃