2021 ᠣᠨ ᠳᠤ ᠵᠠᠮ ᠲᠡᠭᠡᠭᠡᠪᠦᠷᠢ ᠶᠢᠨ ᠰᠠᠯᠪᠤᠷᠢ ᠳᠤ ᠬᠢᠭᠰᠡᠨ ᠪᠦᠲᠦᠭᠡᠨ ᠪᠠᠶᠢᠭᠤᠯᠤᠯᠲᠠ᠂ ᠴᠢᠨᠠᠭᠰᠢᠳᠠ ᠶᠢᠨ ᠵᠣᠷᠢᠯᠭ᠎ᠠ᠂ ᠴᠢᠭᠯᠡᠯ᠂ ᠲᠥᠯᠦᠪᠯᠡᠭᠡᠨ ᠦ ᠲᠠᠯ᠎ᠠ ᠪᠠᠷ ᠵᠠᠮ ᠲᠡᠭᠡᠭᠡᠪᠦᠷᠢ ᠶᠢᠨ ᠬᠥᠭᠵᠢᠯ ᠦᠨ ᠶᠠᠮᠤᠨ ᠤ ᠰᠠᠶᠢᠳ ᠯ∙ᠬᠠᠯᠲᠠᠷ ᠮᠡᠳᠡᠭᠡᠯᠡᠯ ᠥᠭᠭᠦᠯ᠎ᠡ᠃
ᠲᠠᠪᠤᠨᠲᠣᠯᠣᠭᠠᠢ᠂ ᠵᠡᠭᠦᠨᠪᠠᠶᠠᠨ ᠴᠢᠭᠯᠡᠯ ᠦᠨ ᠲᠡᠮᠦᠷ ᠵᠠᠮ ᠤᠨ ᠳᠡᠭᠡᠳᠦ ᠪᠦᠲᠦᠴᠡ ᠶᠢᠨ ᠰᠠᠷᠠᠯᠵᠢ ᠤᠭᠰᠠᠷᠠᠬᠤ ᠠᠵᠢᠯ 97.6 ᠬᠤᠪᠢ ᠶᠢᠨ ᠭᠦᠢᠴᠡᠳᠬᠡᠯ ᠲᠡᠢ ᠪᠠᠶᠢᠨ᠎ᠠ᠃ ᠡᠨᠡ ᠲᠡᠮᠦᠷ ᠵᠠᠮ ᠢ 2022 ᠣᠨ ᠤ ᠳᠣᠯᠣᠳᠤᠭᠠᠷ ᠰᠠᠷ᠎ᠠ ᠳᠤ ᠠᠰᠢᠭᠯᠠᠯᠲᠠ ᠳᠤ ᠪᠦᠷᠢᠨ ᠣᠷᠣᠭᠤᠯᠤᠨ᠎ᠠ᠃ ᠲᠠᠪᠤᠨᠲᠣᠯᠣᠭᠠᠢ᠂ ᠭᠠᠰᠢᠭᠤᠨᠰᠤᠬᠠᠢᠲᠤ ᠴᠢᠭᠯᠡᠯ ᠦᠨ ᠲᠡᠮᠦᠷ ᠵᠠᠮ ᠤᠨ ᠪᠠᠷᠢᠯᠭ᠎ᠠ ᠤᠭᠰᠠᠷᠠᠯᠲᠠ ᠶᠢᠨ ᠠᠵᠢᠯ ᠤᠨ ᠶᠠᠪᠤᠴᠠ 79.2% ᠦᠨ ᠭᠦᠢᠴᠡᠳᠬᠡᠯ ᠦᠨ ᠲᠦᠪᠰᠢᠨ ᠳᠦ ᠪᠠᠶᠢᠨ᠎ᠠ᠃ ᠵᠠᠮ ᠢ 2022 ᠣᠨ ᠤ ᠳᠣᠯᠣᠳᠤᠭᠠᠷ ᠰᠠᠷ᠎ᠠ ᠳᠤ ᠠᠰᠢᠭᠯᠠᠯᠲᠠ ᠳᠤ ᠣᠷᠣᠭᠤᠯᠬᠤ ᠪᠠᠷ ᠲᠥᠯᠥᠪᠯᠡᠭᠰᠡᠨ᠃
《ᠪᠣᠭᠳᠠᠬᠠᠨ ᠲᠡᠮᠦᠷ ᠵᠠᠮ》ᠲᠥᠰᠥᠯ ᠪᠣᠯ ᠬᠣᠲᠠ ᠬᠥᠳᠡᠭᠡ ᠶᠢᠨ ᠵᠣᠬᠢᠰᠲᠤ ᠲᠡᠩᠴᠡᠪᠦᠷᠢ ᠶᠢ ᠰᠢᠢᠳᠪᠦᠷᠢᠯᠡᠬᠦ ᠲᠣᠮᠣᠬᠠᠨ ᠦᠨᠳᠦᠰᠦᠨ ᠰᠢᠢᠳᠦᠯ ᠦᠳ ᠦᠨ ᠨᠢᠭᠡ᠃ ᠡᠨᠡ ᠲᠡᠮᠦᠷ ᠵᠠᠮ ᠪᠠᠷᠢᠭᠳᠠᠭᠰᠠᠨ ᠢᠶᠠᠷ᠂ ᠤᠯᠠᠭᠠᠨᠪᠠᠭᠠᠲᠤᠷ ᠬᠣᠲᠠ ᠶᠢᠨ ᠲᠡᠮᠦᠷ ᠵᠠᠮ᠂ ᠠᠦ᠋ᠲ᠋ᠣ᠋ ᠵᠠᠮ ᠤᠨ ᠣᠭᠲᠣᠯᠤᠯᠴᠠᠯ ᠳᠤ ᠳᠤᠮᠳᠠᠴᠢ ᠪᠠᠷ 144 ᠮᠢᠨᠦ᠋ᠲ ᠢ ᠵᠠᠷᠤᠴᠠᠭᠤᠯᠵᠤ ᠪᠠᠶᠢᠭ᠎ᠠ ᠨᠥᠬᠥᠴᠡᠯ ᠪᠠᠶᠢᠳᠠᠯ 57 ᠬᠤᠪᠢ ᠪᠠᠷ ᠪᠠᠭᠤᠷᠠᠨ᠎ᠠ᠃ ᠮᠣᠩᠭᠣᠯ ᠤᠯᠤᠰ ᠤᠨ ᠨᠤᠲᠤᠭ ᠳᠡᠪᠢᠰᠬᠡᠷ ᠢ ᠳᠠᠮᠵᠢᠨ ᠬᠥᠷᠰᠢ ᠣᠷᠣᠨ ᠨᠤᠭᠤᠳ ᠪᠣᠯᠤᠨ ᠠᠽᠢᠶ᠎ᠠ᠂ ᠧᠦ᠋ᠷᠣᠫᠠ ᠶᠢᠨ ᠪᠥᠰᠡ ᠨᠤᠲᠤᠭ ᠲᠠᠢ ᠬᠤᠯᠪᠤᠬᠤ 《ᠡᠳ᠋ ᠦᠨ ᠵᠠᠰᠠᠭ ᠤᠨ ᠺᠣᠷᠢᠳᠣᠷ》 ᠤᠨ ᠬᠥᠭᠵᠢᠯ᠂ ᠲᠡᠭᠦᠨ ᠳᠣᠲᠣᠷ᠎ᠠ ᠪᠠᠨ ᠤᠯᠠᠭᠠᠨᠪᠠᠭᠠᠲᠤᠷ ᠲᠡᠮᠦᠷ ᠵᠠᠮ ᠤᠨ ᠲᠡᠭᠡᠭᠡᠪᠦᠷᠢ ᠶᠢᠨ ᠣᠷᠣᠯᠴᠠᠭ᠎ᠠ᠂ ᠥᠷᠢᠰᠥᠯᠳᠥᠬᠦ ᠴᠢᠳᠠᠪᠤᠷᠢ ᠶᠢ ᠨᠡᠮᠡᠭᠳᠡᠭᠦᠯᠬᠦ ᠳᠦ ᠲᠣᠮᠣᠬᠠᠨ ᠬᠤᠪᠢ ᠨᠡᠮᠡᠷᠢ ᠤᠷᠤᠭᠤᠯᠬᠤ ᠶᠤᠮ᠃