ᠳᠣᠷᠣᠨᠠᠲᠤ ᠠᠶᠢᠮᠠᠭ ᠤᠨ ᠵᠠᠰᠠᠭ ᠳᠠᠷᠤᠭ᠎ᠠ ᠮ ∙ ᠪᠠᠳᠮᠠᠰᠦ᠋ᠷᠦᠩ ᠲᠠᠬᠤᠯ ᠤᠨ ᠨᠥᠬᠥᠴᠡᠯ ᠪᠠᠶᠢᠳᠠᠯ ᠬᠦᠨᠳᠦᠷᠡᠵᠦ ᠪᠠᠶᠢᠭ᠎ᠠ ᠡᠨᠡ ᠦᠶ᠎ᠡ ᠳᠦ ᠪᠦᠰᠡ ᠶᠢᠨ ᠤᠨᠤᠰᠢᠯᠠᠭ᠎ᠠ ᠡᠮᠴᠢᠯᠡᠭᠡᠨ ᠦ ᠲᠦᠪ ᠲᠦ ᠠᠯᠪᠠᠨ ᠤ ᠮᠠᠰᠢᠨ ᠢᠶᠠᠨ ᠬᠦᠯᠢᠶᠡᠯᠭᠡᠵᠦ ᠦᠭᠭᠦᠯ᠎ᠡ᠃ ᠲᠤᠭᠤᠯᠬᠤ ᠴᠢᠳᠠᠪᠤᠷᠢ ᠰᠠᠶᠢᠲᠠᠢ ᠡᠨᠡ ᠬᠦ ᠮᠠᠰᠢᠨ ᠲᠡᠷᠭᠡ ᠶᠢ ᠲᠠᠬᠤᠯ ᠤᠨ ᠦᠶ᠎ᠡ ᠳᠦ ᠪᠣᠯᠤᠨ ᠠᠯᠤᠰ ᠤᠨ ᠳᠠᠭᠤᠳᠠᠯᠭ᠎ᠠ ᠳᠤ ᠦᠢᠯᠡᠴᠢᠯᠡᠬᠦ ᠳᠦ ᠲᠦᠯᠬᠢᠭᠦᠦ ᠠᠰᠢᠭᠯᠠᠨ᠎ᠠ ᠭᠡᠳᠡᠭ ᠢᠶᠡᠨ ᠪᠦᠰᠡ ᠶᠢᠨ ᠤᠨᠤᠰᠢᠯᠠᠭ᠎ᠠ ᠡᠮᠴᠢᠯᠡᠭᠡᠨ ᠦ ᠲᠦᠪ ᠦᠨ ᠳᠠᠷᠤᠭ᠎ᠠ ᠳ ∙ ᠳᠣᠯᠵᠢᠨ ᠢᠯᠡᠷᠬᠡᠶᠢᠯᠡᠪᠡ᠃
ᠲᠡᠭᠦᠨᠴᠢᠯᠡᠨ ᠴᠠᠭ ᠦᠶ᠎ᠡ ᠶᠢᠨ ᠨᠥᠬᠥᠴᠡᠯ ᠪᠠᠶᠢᠳᠠᠯ ᠬᠦᠨᠳᠦᠷᠡᠵᠦ ᠪᠠᠶᠢᠭ᠎ᠠ ᠲᠠᠢ ᠬᠣᠯᠪᠣᠭ᠎ᠠ ᠲᠠᠢ ᠪᠠᠷ ᠪᠢᠽᠢᠨᠧᠰ ᠡᠷᠬᠢᠯᠡᠭᠴᠢᠳ᠂ ᠠᠶᠢᠮᠠᠭ᠂ ᠰᠤᠮᠤ ᠶᠢᠨ ᠢᠷᠭᠡᠳ ᠦᠨ ᠲᠥᠯᠥᠭᠡᠯᠡᠭᠴᠢᠳ ᠦᠨ ᠬᠤᠷᠠᠯ ᠤᠨ ᠲᠥᠯᠥᠭᠡᠯᠡᠭᠴᠢᠳ ᠬᠤᠪᠢ ᠶᠢᠨ ᠤᠨᠤᠭ᠎ᠠ ᠪᠠᠷ ᠢᠶᠠᠨ ᠡᠮᠨᠡᠯᠭᠡ ᠶᠢᠨ ᠦᠢᠯᠡᠴᠢᠯᠡᠭᠡᠨ ᠳᠦ ᠰᠠᠶᠢᠨ ᠳᠤᠷ᠎ᠠ ᠪᠠᠷ ᠢᠶᠠᠨ ᠠᠵᠢᠯᠯᠠᠬᠤ᠂ ᠡᠪᠡᠳᠴᠢᠲᠡᠳ ᠲᠡᠢ ᠤᠲᠠᠰᠤ ᠪᠠᠷ ᠬᠣᠯᠪᠣᠭᠳᠠᠵᠤ ᠵᠥᠪᠯᠡᠭᠡ ᠮᠡᠳᠡᠭᠡᠯᠡᠯ ᠬᠦᠷᠭᠡᠬᠦ ᠵᠡᠷᠭᠡ ᠪᠡᠷ 《ᠬᠠᠮᠲᠤ ᠳᠤ ᠪᠠᠨ ᠳᠠᠪᠠᠶ᠎ᠠ》 ᠬᠥᠳᠡᠯᠭᠡᠭᠡᠨ ᠢ ᠥᠷᠨᠢᠭᠦᠯᠦᠨ ᠨᠢᠭᠡᠳᠴᠦ ᠡᠬᠢᠯᠡᠯ᠎ᠡ᠃