ᠮᠣᠩᠭᠣᠯ ᠤᠯᠤᠰ ᠤᠨ ᠶᠡᠷᠦᠩᠬᠡᠶᠢᠯᠡᠭᠴᠢ ᠶᠢᠨ ᠰᠠᠨᠠᠭᠠᠴᠢᠯᠠᠭ᠎ᠠ ᠪᠠᠷ《ᠴᠠᠷ᠎ᠠ ᠲᠠᠬᠤᠯ ᠤᠨ ᠦᠶ᠎ᠡ ᠶᠢᠨ ᠡᠳ᠋ ᠤᠨ ᠵᠠᠰᠠᠭ ᠤᠨ ᠰᠡᠷᠭᠦᠯᠲᠡ ᠶᠢ ᠡᠷᠴᠢᠮᠵᠢᠭᠦᠯᠬᠦ ᠨᠢ》ᠰᠡᠳᠦᠪᠲᠦ ᠲᠥᠷᠥ᠂ ᠬᠤᠪᠢ ᠶᠢᠨ ᠬᠡᠪᠰᠢᠯ᠂ ᠬᠥᠷᠥᠩᠭᠡ ᠣᠷᠣᠭᠤᠯᠤᠭᠴᠢᠳ ᠤᠨ ᠵᠥᠪᠯᠡᠯᠳᠦᠬᠦ ᠠᠭᠤᠯᠵᠠᠯᠲᠠ ᠲᠥᠷᠥ ᠶᠢᠨ ᠣᠷᠳᠣᠨ ᠳᠤ ᠪᠣᠯᠤᠯ᠎ᠠ᠃ ᠠᠭᠤᠯᠵᠠᠯᠲᠠ ᠳᠤ ᠤᠷᠤᠯᠴᠠᠭᠰᠠᠳ ᠭᠷᠦ᠋ᠫ ᠦᠨ ᠶᠡᠷᠦᠩᠬᠡᠶᠢᠯᠡᠭᠴᠢ ᠵ∙ᠣᠳᠣᠵᠢᠷᠭᠠᠯ᠄ ᠪᠢᠳᠡᠨ ᠦ ᠳᠤᠮᠳᠠ ᠪᠢᠽᠢᠨᠧᠰ ᠡᠷᠬᠢᠯᠡᠭᠡᠳ 20᠂ 30 ᠵᠢᠯ ᠪᠣᠯᠵᠤ ᠪᠠᠶᠢᠭ᠎ᠠ ᠬᠦᠮᠦᠨ ᠣᠯᠠᠨ ᠪᠤᠢ᠃ ᠰᠠᠨᠠᠯ ᠤᠨ ᠴᠢᠨᠠᠷ ᠲᠠᠢ ᠭᠠᠭᠴᠠ ᠵᠦᠢᠯ ᠬᠡᠯᠡᠶ᠎ᠡ᠃ ᠵᠡᠰ᠂ ᠠᠯᠲᠠ ᠪᠣᠯ ᠮᠡᠳᠡᠭᠡᠵᠢ ᠬᠡᠷᠡᠭ ᠴᠢᠬᠤᠯᠠ᠃《 ᠤᠭ᠍ᠶᠤᠲᠤᠯᠤᠭᠠᠢ》᠂ 《 ᠭᠠᠴᠤᠷᠠᠲᠤ》᠂ 《ᠴᠠᠭᠠᠨ ᠰᠤᠪᠤᠷᠭ᠎ᠠ》ᠭᠡᠬᠦ ᠲᠥᠰᠥᠯ ᠦᠳ ᠬᠥᠳᠡᠯᠵᠦ ᠪᠠᠶᠢᠵᠤ ᠡᠺᠰᠫᠣᠷᠲ ᠨᠡᠮᠡᠭᠳᠡᠨ᠎ᠡ᠃ ᠵᠡᠭᠦᠨᠪᠠᠶᠠᠨ ᠴᠢᠭᠯᠡᠯ ᠦᠨ ᠲᠡᠮᠦᠷ ᠵᠠᠮ ᠠᠰᠢᠭᠯᠠᠯᠲᠠ ᠳᠤ ᠣᠷᠣᠵᠤ ᠪᠠᠶᠢᠵᠤ ᠲᠡᠮᠦᠷ ᠦᠨ ᠬᠥᠳᠡᠷ ᠦᠨ ᠡᠺᠰᠫᠣᠷᠲ ᠨᠡᠮᠡᠭᠳᠡᠨ᠎ᠡ᠃ ᠮᠥᠨ ᠨᠡᠭᠦᠷᠡᠰᠦᠨ ᠦ ᠦᠨ᠎ᠡ ᠵᠠᠬ᠎ᠠ ᠵᠡᠭᠡᠯᠢ ᠶᠢᠨ ᠣᠷᠭᠢᠯ ᠦᠶ᠎ᠡ ᠳᠦ ᠪᠡᠨ ᠪᠠᠶᠢᠨ᠎ᠠ᠃
2022 ᠣᠨ ᠳᠤ ᠭᠠᠰᠢᠭᠤᠨᠰᠤᠬᠠᠢᠲᠤ ᠲᠡᠮᠦᠷ ᠵᠠᠮ ᠢ ᠰᠢᠢᠳᠴᠦ ᠴᠢᠳᠠᠪᠠᠯ 2023᠂ 2024 ᠣᠨ ᠳᠤ ᠡᠺᠰᠫᠣᠷᠲ 3-4 ᠲᠡᠷᠪᠤᠮ ᠳ᠋ᠣᠯᠯᠠᠷ ᠢᠶᠠᠷ ᠨᠡᠮᠡᠭᠳᠡᠬᠦ ᠪᠣᠯᠤᠮᠵᠢ ᠪᠤᠢ᠃ ᠲᠣᠮᠣ ᠲᠥᠰᠥᠯ ᠦᠳ ᠲᠦ ᠵᠠᠰᠠᠭ ᠤᠨ ᠭᠠᠵᠠᠷ ᠤᠨ ᠪᠠᠲᠤᠯᠠᠭ᠎ᠠ ᠶᠡᠬᠡ ᠴᠢᠬᠤᠯᠠ ᠪᠠᠶᠢᠳᠠᠭ᠃ ᠬᠤᠪᠢ ᠶᠢᠨ ᠬᠡᠪᠰᠢᠯ ᠦᠳ ᠳᠡᠭᠡᠷ᠎ᠡ ᠪᠠᠲᠤᠯᠠᠭᠠᠨ ᠤ ᠠᠰᠠᠭᠤᠳᠠᠯ ᠶᠠᠷᠢᠬᠤ ᠭᠡᠬᠦ ᠪᠡᠷ ᠤᠯᠤᠰ ᠲᠥᠷᠦᠵᠢᠭᠰᠡᠨ ᠰᠡᠳᠦᠪ ᠪᠠᠶᠢᠳᠠᠭ ᠲᠤᠯᠠ ᠶᠡᠬᠡ ᠲᠥᠪᠡᠭᠲᠡᠢ᠃ ᠲᠥᠷᠥ᠂ ᠬᠤᠪᠢ ᠶᠢᠨ ᠬᠡᠪᠰᠢᠯ ᠦᠨ ᠲᠦᠩᠰᠢᠯᠡᠯ ᠦᠨ ᠬᠦᠷᠢᠶᠡᠨ ᠳᠦ ᠰᠢᠨᠡᠯᠢᠭ ᠠᠷᠭ᠎ᠠ ᠬᠡᠷᠡᠭᠯᠡᠬᠦ ᠭᠡᠵᠦ ᠪᠠᠶᠢᠭ᠎ᠠ ᠪᠣᠯ ᠡᠳ᠋ ᠦᠨ ᠵᠠᠰᠠᠭ ᠲᠤ ᠬᠡᠷᠡᠭᠲᠡᠢ ᠲᠣᠮᠣᠬᠠᠨ ᠲᠥᠰᠥᠯ ᠦᠳ ᠲᠦ ᠵᠠᠰᠠᠭ ᠤᠨ ᠭᠠᠵᠠᠷ ᠪᠣᠯᠤᠨ ᠬᠥᠭᠵᠢᠯ ᠦᠨ ᠪᠠᠩᠬᠢᠨ ᠤ ᠪᠠᠲᠤᠯᠠᠭ᠎ᠠ ᠶᠡᠬᠡ ᠴᠢᠬᠤᠯᠠ ᠪᠠᠶᠢᠳᠠᠭ ᠶᠤᠮ ᠰᠢᠦ᠃ ᠲᠥᠷᠥ ᠶᠢᠨ ᠭᠤᠷᠪᠠᠨ ᠥᠨᠳᠥᠷᠯᠢᠭ ᠨᠢᠭᠡᠳᠴᠦ᠂ ᠨᠢᠭᠡ ᠴᠣᠩᠬᠣ ᠪᠠᠷ ᠡᠳ᠋ ᠦᠨ ᠵᠠᠰᠠᠭ ᠢ ᠬᠤᠷᠳᠤᠨ ᠭᠦᠢᠴᠡᠬᠦ ᠪᠣᠯᠤᠮᠵᠢ ᠶᠢ ᠬᠠᠩᠭᠠᠵᠤ ᠥᠭᠬᠦ ᠶᠤᠮ ᠪᠠᠶᠢᠨ᠎ᠠ ᠭᠡᠵᠦ ᠣᠶᠢᠯᠠᠭᠠᠯ᠎ᠠ ᠭᠡᠪᠡ᠃