ᠮᠣᠩᠭᠤᠯ ᠤᠯᠤᠰ ᠤᠨ ᠲᠥᠯᠥᠪᠦᠷᠢ ᠶᠢᠨ ᠰᠢᠰᠲ᠋ᠧᠮ ᠤᠨ ᠨᠠᠶᠢᠳᠠᠪᠤᠷᠢ ᠲᠠᠢ᠂ ᠲᠡᠰᠦᠷᠡᠯᠳᠠ ᠦᠭᠡᠢ ᠠᠵᠢᠯᠯᠠᠭ᠎ᠠ ᠶᠢ ᠬᠠᠩᠭᠠᠨ ᠠᠵᠢᠯᠯᠠᠬᠤ ᠦᠨᠳᠦᠰᠦᠨ ᠤ ᠴᠠᠬᠢᠮ ᠭᠦᠢᠯᠭᠡᠭᠡᠨ ᠤ ᠲᠥᠪ ᠢ ᠰᠢᠨᠡᠴᠢᠯᠡᠯ᠎ᠡ᠃ ᠲᠤᠰ ᠳ᠋ᠠᠢᠲ᠋ᠠ ᠲᠥᠪ ᠢ ᠰᠢᠨᠡᠴᠢᠯᠡᠵᠦ᠂ ᠦᠨᠳᠦᠰᠦᠨ ᠤ ᠲᠥᠯᠥᠪᠦᠷᠢ ᠶᠢᠨ ᠰᠢᠰᠲ᠋ᠧᠮ ᠤᠨ ᠳᠡᠳ᠋ ᠪᠦᠲᠦᠴᠡ ᠶᠢᠨ ᠬᠦᠴᠦᠨ ᠴᠢᠳᠠᠯ ᠢ ᠨᠡᠮᠡᠭᠳᠡᠭᠦᠯᠵᠦ᠂ ᠲᠧᠭᠨᠢᠭ ᠲᠧᠻᠨᠣᠯᠣᠭᠢ ᠶᠢᠨ ᠰᠢᠨ᠎ᠡ ᠪᠣᠯᠣᠮᠵᠢ ᠶᠢ ᠪᠦᠷᠢᠳᠦᠭᠦᠯᠬᠦ ᠵᠣᠷᠢᠯᠭ᠎ᠠ ᠪᠠᠷ ᠪᠠᠷᠢᠯᠭ᠎ᠠ ᠪᠠᠶᠢᠭᠤᠯᠤᠮᠵᠢ ᠶᠢ ᠰᠢᠨ᠎ᠡ ᠪᠠᠷ ᠪᠠᠷᠢᠵᠤ᠂ ᠠᠰᠢᠭᠯᠠᠯᠲᠠ ᠳᠤ ᠣᠷᠣᠭᠤᠯᠵᠠᠢ᠃
ᠠᠽᠢᠶ᠎ᠠ ᠶᠢᠨ ᠬᠥᠭᠵᠢᠯ ᠤᠨ ᠪᠠᠩᠬᠢᠨ ᠤ ᠰᠠᠩᠬᠦᠦᠵᠢᠯᠲᠡ ᠪᠠᠷ ᠪᠠᠷᠢᠭᠳᠠᠭᠰᠠᠨ ᠡᠨᠡ ᠬᠦ ᠳ᠋ᠠᠢᠲ᠋ᠠ ᠲᠥᠪ ᠲᠤ ᠴᠠᠬᠢᠯᠭᠠᠨ ᠤ ᠣᠯᠠᠨ ᠲᠠᠯᠠᠲᠤ ᠡᠬᠢ ᠡᠭᠦᠰᠪᠦᠷᠢ᠂ ᠣᠷᠴᠢᠨ ᠦᠶ᠎ᠡ ᠶᠢᠨ ᠰᠢᠢᠳᠦᠯ ᠪᠦᠬᠦᠶ ᠬᠦᠷᠦᠭᠡᠬᠦ ᠰᠢᠰᠲ᠋ᠧᠮ᠂ ᠭᠠᠯ᠂ ᠤᠰᠤᠨ ᠤ ᠨᠠᠶᠢᠳᠠᠪᠤᠷᠢ ᠲᠠᠢ ᠬᠠᠮᠡᠭᠠᠯᠡᠯᠳᠠ ᠪᠦᠬᠦᠶ 36 ᠵᠤᠭᠰᠤᠭᠠᠭᠤᠷ ᠪᠤᠢ ᠪᠣᠯᠭᠠᠭᠰᠠᠨ ᠶᠤᠮ᠃ ᠢᠩᠭᠢᠭᠰᠡᠨ ᠢᠶᠠᠷ ᠮᠡᠳᠡᠭᠡᠯᠡᠯ ᠤᠨ ᠲᠧᠻᠨᠣᠯᠣᠭᠢ ᠶᠢᠨ ᠳ᠋ᠠᠢᠲ᠋ᠠ ᠲᠥᠪ ᠤᠨ ᠰᠲ᠋ᠠᠨᠳᠠᠷᠲ ᠢ ᠣᠯᠠᠨ ᠤᠯᠤᠰ ᠤᠨ ᠬᠡᠮᠵᠢᠶᠡᠨ ᠳᠤ ᠲᠣᠭᠲᠠᠭᠠᠳᠠᠭ ᠨᠡᠷ᠎ᠡ ᠬᠦᠨᠳᠦ ᠪᠦᠬᠦᠶ Uptime Institute ᠶᠢᠨ ᠪᠠᠶᠢᠭᠤᠯᠤᠯᠭ᠎ᠠ ᠶᠢᠨ TIER II ᠰᠲ᠋ᠠᠨᠳᠠᠷᠲ ᠲᠤ ᠨᠡᠶᠢᠴᠡᠭᠰᠡᠨ ᠣᠷᠴᠢᠨ ᠬᠠᠮᠤᠬ ᠤᠨ ᠰᠢᠨᠡᠯᠢᠭ ᠳᠡᠳ᠋ ᠪᠦᠲᠦᠴᠡ ᠲᠠᠢ ᠲᠥᠪ ᠪᠣᠯᠵᠤ ᠪᠠᠶᠢᠭ᠎ᠠ ᠶᠤᠮ ᠃