ᠵᠠᠰᠠᠭ ᠤᠨ ᠭᠠᠵᠠᠷ ᠤᠨ ᠥᠨᠥᠳᠥᠷ ᠦᠨ ᠬᠤᠷᠠᠯᠳᠤᠭᠠᠨ ᠳᠤ《ᠡᠷᠡᠭᠦᠯ ᠮᠡᠨᠳᠦ ᠪᠡᠨ ᠬᠠᠮᠠᠭᠠᠯᠠᠵᠤ᠂ ᠡᠳ᠋ ᠦᠨ ᠵᠠᠰᠠᠭ ᠢᠶᠠᠨ ᠰᠡᠷᠭᠦᠭᠡᠬᠦ 10 ᠶᠡᠬᠡ ᠨᠠᠶᠤᠳ ᠤᠨ ᠴᠣᠭᠴᠠ ᠲᠥᠯᠥᠪᠯᠡᠭᠡ》 ᠶᠢᠨ ᠬᠡᠷᠡᠭᠵᠢᠯᠲᠡ ᠶᠢᠨ ᠲᠠᠯ᠎ᠠ ᠪᠠᠷ ᠰᠠᠩ ᠤᠨ ᠰᠠᠶᠢᠳ ᠪ∙ᠵᠢᠪᠬᠤᠯᠠᠩ ᠲᠠᠨᠢᠯᠴᠠᠭᠤᠯᠭ᠎ᠠ ᠬᠢᠪᠡ᠃ ᠳᠡᠭᠡᠷᠡᠬᠢ ᠲᠥᠯᠦᠪᠯᠡᠭᠡᠨ ᠦ ᠳᠠᠭᠠᠤ ᠡᠨᠡ ᠰᠠᠷ᠎ᠠ ᠶᠢᠨ 14 ᠦ ᠪᠠᠶᠢᠳᠠᠯ ᠢᠶᠠᠷ ᠵᠢᠭᠡᠯᠡ ᠣᠯᠭᠣᠯᠲᠠ ᠳᠠᠷᠠᠭᠠᠬᠢ ᠪᠠᠶᠢᠳᠠᠯ ᠲᠠᠢ ᠪᠠᠶᠢᠨ᠎ᠠ᠃
ᠠᠵᠢᠯ ᠤᠨ ᠪᠠᠶᠢᠷᠢ ᠶᠢ ᠳᠡᠮᠵᠢᠬᠦ ᠭᠤᠷᠪᠠᠨ ᠬᠤᠪᠢ ᠶᠢᠨ ᠬᠦᠦ ᠲᠡᠢ ᠵᠢᠭᠡᠯᠡ ᠶᠢᠨ ᠬᠦᠷᠢᠶᠡᠨ ᠳᠦ ᠨᠡᠶᠢᠲᠡ 17 ᠮᠢᠩᠭ᠎ᠠ 785 ᠵᠢᠭᠡᠯᠡᠳᠦᠭᠴᠢᠳ ᠨᠢᠭᠡ ᠶᠡᠬᠡ ᠨᠠᠶᠤᠳ 313.8 ᠲᠡᠷᠪᠤᠮ ᠲᠥᠭᠥᠷᠢᠭ ᠦᠨ ᠵᠢᠭᠡᠯᠡ ᠣᠯᠭᠣᠭᠳᠠᠭᠠᠳ ᠪᠠᠶᠢᠨ᠎ᠠ᠃ ᠡᠭᠦᠨ ᠡᠴᠡ 3512 ᠠᠵᠤ ᠠᠬᠤᠢ ᠶᠢᠨ ᠨᠢᠭᠡᠴᠢ᠂ 14 ᠮᠢᠩᠭ᠎ᠠ 273 ᠢᠷᠭᠡᠨ ᠦ ᠵᠢᠭᠡᠯᠡ ᠪᠠᠶᠢᠨ᠎ᠠ᠃ ᠣᠯᠭᠣᠭᠳᠠᠭᠰᠠᠨ ᠵᠢᠭᠡᠯᠡ ᠶᠢᠨ 7162 ᠨᠢ ᠤᠯᠠᠭᠠᠨᠪᠠᠭᠠᠲᠤᠷ ᠲᠤ 10 ᠮᠢᠩᠭ᠎ᠠ 623 ᠨᠢ ᠣᠷᠣᠨ ᠨᠤᠲᠤᠭ ᠤᠨ ᠵᠢᠭᠡᠯᠡᠳᠦᠭᠴᠢ ᠳᠦ ᠰᠢᠢᠳᠪᠦᠷᠢᠯᠡᠭᠳᠡᠭᠰᠡᠨ ᠪᠠᠶᠢᠨ᠎ᠠ᠃
ᠮᠣᠩᠭᠣᠯ ᠪᠠᠩᠭᠢᠨ ᠤ ᠤᠷᠲᠤ ᠬᠤᠭᠤᠴᠠᠭᠠᠲᠤ ᠷᠧᠫᠣ ᠰᠠᠩᠬᠦᠦᠵᠢᠯᠲᠡ ᠲᠡᠢ ᠵᠢᠭᠡᠯᠡ ᠶᠢᠨ ᠬᠦᠷᠢᠶᠡᠨ ᠳᠦ 497.9 ᠲᠡᠷᠪᠤᠮ ᠲᠥᠭᠦᠷᠢᠭ ᠢ 2326 ᠵᠢᠭᠡᠯᠡᠳᠦᠭᠴᠢ᠂ ᠡᠭᠦᠨ ᠡᠴᠡ 1378 ᠠᠵᠤ ᠠᠬᠤᠢ ᠶᠢᠨ ᠨᠢᠭᠡᠴᠢ᠂ 948 ᠢᠷᠭᠡᠨ ᠳᠦ᠂ ᠬᠥᠳᠡᠭᠡ ᠠᠵᠤ ᠠᠬᠤᠢ ᠶᠢ ᠳᠡᠮᠵᠢᠬᠦ ᠵᠢᠭᠡᠯᠡ ᠶᠢᠨ ᠬᠤᠪᠢ ᠳᠤ 15 ᠮᠢᠩᠭ᠎ᠠ 784 ᠵᠢᠭᠡᠯᠡᠳᠦᠭᠴᠢ ᠶᠢᠨ 207.4 ᠲᠡᠷᠪᠤᠮ ᠲᠥᠭᠦᠷᠢᠭ ᠂ ᠮᠥᠨ 5109 ᠵᠢᠭᠡᠯᠡᠳᠦᠭᠴᠢ ᠳᠦ 379.5 ᠲᠡᠷᠪᠤᠮ ᠲᠥᠭᠦᠷᠢᠭ ᠦᠨ ᠢᠫᠣᠲ᠋ᠧᠺ ᠤᠨ ᠵᠢᠭᠡᠯᠡ ᠣᠯᠭᠣᠭᠳᠠᠭᠠᠳ ᠪᠠᠶᠢᠨ᠎ᠠ᠃