ᠮᠣᠩᠭᠣᠯ ᠤᠯᠤᠰ᠂ ᠶᠠᠫᠣᠨ ᠤ ᠬᠣᠭᠣᠷᠣᠨᠳᠣ ᠡᠳ᠋ ᠦᠨ ᠵᠠᠰᠠᠭ ᠤᠨ ᠲᠦᠩᠰᠢᠯᠡᠯ ᠦᠨ ᠬᠡᠯᠡᠯᠴᠡᠭᠡᠷ ᠢ ᠪᠠᠶᠢᠭᠤᠯᠤᠭᠠᠳ 5 ᠵᠢᠯ ᠪᠣᠯᠵᠤ ᠪᠠᠶᠢᠨ᠎ᠠ᠃ ᠡᠨᠡ ᠬᠤᠭᠤᠴᠠᠭᠠᠨ ᠳᠤ ᠮᠣᠩᠭᠣᠯ ᠤᠯᠤᠰ ᠠᠴᠠᠴᠢᠴᠠᠷᠭᠠᠨᠠ ᠶᠢᠨ ᠲᠤᠰᠤ᠂ ᠨᠤᠯᠤᠤᠷ ᠤᠨ ᠬᠤᠪᠴᠠᠰᠤ ᠶᠠᠫᠣᠨ ᠳᠤ ᠡᠺᠰᠫᠣᠷᠲᠯᠠᠵᠤ ᠪᠠᠶᠢᠭ᠎ᠠ᠃ ᠡᠺᠰᠫᠣᠷᠲ ᠤᠨ ᠬᠠᠮᠲᠤ ᠶᠢᠨ ᠠᠵᠢᠯᠯᠠᠭ᠎ᠠ ᠶᠢ ᠤᠯᠠᠮ ᠥᠷᠭᠡᠵᠢᠭᠦᠯᠬᠦ ᠡᠭᠦᠳᠡᠨ ᠡᠴᠡ︽ᠮᠣᠩᠭᠣᠯ ᠤᠨ ᠵᠢᠵᠢᠭ ᠳᠤᠮᠳᠠ ᠦᠢᠯᠡᠳᠪᠦᠷᠢ ᠶᠢᠨ ᠪᠠᠷᠠᠭ᠎ᠠ ᠪᠦᠲᠦᠭᠡᠭᠳᠡᠬᠦᠨ ᠦ ᠶᠠᠫᠣᠨ ᠤᠯᠤᠰ ᠤᠷᠤᠭᠤ ᠴᠢᠭᠯᠡᠭᠰᠡᠨ ᠡᠺᠰᠫᠣᠷᠲ ᠢ ᠳᠡᠮᠵᠢᠬᠦ ᠨᠢ︾ᠤᠨᠯᠠᠢᠨ ᠰᠧᠮᠢᠨᠠᠷ ᠢ ᠡᠨᠡ ᠰᠠᠷ᠎ᠠ ᠶᠢᠨ 25 ᠳᠦ ᠵᠣᠬᠢᠶᠠᠨ ᠪᠠᠶᠢᠭᠤᠯᠬᠤ ᠭᠡᠵᠦ ᠪᠤᠢ ᠲᠠᠯ᠎ᠠ ᠪᠠᠷ ᠮᠣᠩᠭᠣᠯ ᠤᠨ ᠦᠨᠳᠦᠰᠦᠨ ᠦ ᠬᠤᠳᠠᠯᠳᠤᠭ᠎ᠠ ᠠᠵᠤ ᠦᠢᠯᠡᠳᠪᠦᠷᠢ ᠶᠢᠨ ᠲᠠᠩᠬᠢᠮ ᠠᠴᠠ ᠮᠡᠳᠡᠭᠡᠯᠡᠯ᠎ᠡ᠃
︽ᠡᠳ᠋ ᠦᠨ ᠵᠠᠰᠠᠭ ᠤᠨ ᠲᠦᠩᠰᠢᠯᠡᠯ ᠦᠨ ᠬᠡᠯᠡᠯᠴᠡᠭᠡᠷ ᠢ ᠠᠰᠢᠭᠯᠠᠨ ᠮᠣᠩᠭᠣᠯ ᠤᠯᠤᠰ ᠤᠨ ᠪᠠᠷᠠᠭ᠎ᠠ ᠪᠦᠲᠦᠭᠡᠭᠳᠡᠬᠦᠨ ᠢ ᠶᠠᠫᠣᠨ ᠤᠯᠤᠰ ᠤᠷᠤᠭᠤ ᠡᠺᠰᠫᠣᠷᠲᠯᠠᠬᠤ ᠨᠢ︾ᠰᠡᠳᠦᠪᠲᠦ ᠤᠨᠯᠠᠢᠨ ᠰᠧᠮᠢᠨᠠᠷ ᠢ ᠮᠣᠩᠭᠣᠯ ᠤᠨ ᠦᠨᠳᠦᠰᠦᠨ ᠦ ᠬᠤᠳᠠᠯᠳᠤᠭ᠎ᠠ ᠠᠵᠤ ᠦᠢᠯᠡᠳᠪᠦᠷᠢ ᠶᠢᠨ ᠲᠠᠩᠬᠢᠮ ᠪᠣᠯᠤᠨ ᠶᠠᠫᠣᠨ ᠤᠯᠤᠰ ᠤᠨ JETRO ᠪᠠᠶᠢᠭᠤᠯᠤᠯᠭ᠎ᠠ ᠲᠠᠢ ᠬᠠᠮᠲᠤᠷᠠᠨ ᠵᠣᠬᠢᠶᠠᠨ ᠪᠠᠶᠢᠭᠤᠯᠵᠤ ᠪᠠᠶᠢᠨ᠎ᠠ᠃ ᠰᠧᠮᠢᠨᠠᠷ ᠤᠨ ᠬᠦᠷᠢᠶᠡᠨ ᠳᠦ ᠶᠠᠫᠣᠨ ᠤᠯᠤᠰ ᠤᠷᠤᠭᠤ ᠪᠠᠷᠠᠭ᠎ᠠ ᠪᠦᠲᠦᠭᠡᠭᠳᠡᠬᠦᠨ ᠡᠺᠰᠫᠣᠷᠲᠯᠠᠬᠤ ᠮᠣᠩᠭᠣᠯ ᠤᠨ ᠠᠵᠤ ᠠᠬᠤᠢ ᠶᠢᠨ ᠨᠢᠭᠡᠴᠢ ᠨᠦᠭᠦᠳ ᠲᠦ ᠵᠣᠷᠢᠭᠤᠯᠵᠤ ᠡᠳ᠋ ᠦᠨ ᠵᠠᠰᠠᠭ ᠤᠨ ᠲᠦᠩᠰᠢᠯᠡᠯ ᠦᠨ ᠬᠡᠯᠡᠯᠴᠡᠭᠡᠷ ᠦᠨ ᠲᠠᠯ᠎ᠠ ᠪᠠᠷ ᠪᠣᠯᠤᠨ ᠲᠡᠭᠡᠭᠡᠪᠦᠷᠢ ᠶᠢᠨ ᠰᠤᠪᠠᠭ᠂ ᠴᠠᠬᠢᠮ ᠬᠤᠳᠠᠯᠳᠤᠭ᠎ᠠ᠂ E-commerce᠂ ᠪᠣᠷᠣᠯᠠᠭᠤᠯᠤᠯᠲᠠ ᠶᠢᠨ ᠰᠤᠪᠠᠭ᠂ ᠶᠠᠫᠣᠨ ᠤᠯᠤᠰ ᠤᠨ ᠵᠠᠬ᠎ᠠ ᠵᠡᠭᠡᠯᠢ ᠳᠦ ᠨᠡᠪᠲᠡᠷᠡᠬᠦ ᠳᠦ ᠠᠩᠬᠠᠷᠬᠤ ᠵᠦᠢᠯᠡᠰ ᠦᠨ ᠲᠠᠯ᠎ᠠ ᠪᠠᠷ ᠬᠡᠷᠡᠭ ᠲᠡᠢ ᠮᠡᠳᠡᠭᠡᠯᠡᠯ ᠢ ᠲᠠᠨᠢᠯᠴᠠᠬᠤ ᠠᠵᠠᠢ ᠃