ᠪᠠᠢᠴᠠᠭᠠᠬᠤ ᠪᠠᠶᠢᠭᠤᠯᠤᠯᠭ᠎ᠠ ᠬᠡᠷᠡᠭ ᠬᠢᠨᠠᠨ ᠰᠢᠢᠳᠪᠦᠷᠢᠯᠡᠬᠦ ᠠᠵᠢᠯᠯᠠᠭᠠᠨ ᠳᠤ ᠤᠷᠤᠯᠴᠠᠭᠰᠠᠳ ᠠᠴᠠ ᠭᠠᠷᠭᠠᠭᠰᠠᠨ 196 ᠭᠣᠮᠣᠳᠠᠯ ᠬᠦᠰᠡᠯᠲᠡ ᠶᠢ ᠰᠢᠢᠳᠪᠦᠷᠢᠯᠡᠵᠦ᠂ ᠮᠥᠷᠳᠡᠭᠴᠢ ᠪᠣᠯᠤᠨ ᠵᠥᠷᠢᠴᠡᠯ ᠦᠨ ᠬᠡᠷᠡᠭ ᠪᠦᠷᠢᠳᠬᠡᠬᠦ ᠡᠷᠬᠡ ᠪᠦᠬᠦᠢ ᠠᠯᠪᠠᠨ ᠲᠤᠰᠢᠶᠠᠯᠲᠠᠨ ᠳᠤ ᠲᠣᠳᠣᠷᠬᠠᠢ ᠠᠵᠢᠯᠯᠠᠭ᠎ᠠ ᠭᠦᠢᠴᠡᠳᠬᠡᠭᠦᠯᠬᠦ ᠪᠡᠷ 459 ᠳᠠᠭᠠᠭᠠᠯᠭᠠᠪᠤᠷᠢ ᠪᠢᠴᠢᠭ ᠢᠶᠡᠷ ᠥᠭᠭᠦᠭᠰᠡᠨ ᠪᠠᠶᠢᠨ᠎ᠠ᠃
ᠭᠡᠮᠲᠦ ᠬᠡᠷᠡᠭ᠂ ᠵᠥᠷᠢᠴᠡᠯ ᠭᠠᠷᠬᠤ ᠳᠤ ᠨᠥᠯᠦᠭᠡᠯᠡᠭᠰᠡᠨ ᠰᠢᠯᠲᠠᠭᠠᠨ᠂ ᠨᠥᠬᠥᠴᠡᠯ ᠢ ᠠᠷᠢᠯᠭᠠᠭᠤᠯᠬᠤ ᠪᠠᠷ ᠪᠠᠶᠢᠭᠤᠯᠤᠯᠭ᠎ᠠ᠂ ᠠᠯᠪᠠᠨ ᠲᠤᠰᠢᠶᠠᠯᠲᠠᠨ ᠳᠤ 21 ᠮᠡᠳᠡᠭᠳᠡᠯ᠂ ᠵᠥᠷᠢᠴᠡᠯ ᠰᠢᠯᠭᠠᠨ ᠰᠢᠢᠳᠪᠦᠷᠢᠯᠡᠬᠦ᠂ ᠬᠡᠷᠡᠭ ᠪᠦᠷᠢᠳᠬᠡᠬᠦ᠂ ᠮᠥᠷᠳᠡᠨ ᠪᠠᠶᠢᠴᠠᠭᠠᠬᠤ᠂ ᠶᠠᠯ᠎ᠠ ᠡᠳ᠋ᠯᠡᠭᠦᠯᠬᠦ ᠠᠵᠢᠯᠯᠠᠭ᠎ᠠ ᠶᠢ ᠬᠡᠷᠡᠭᠵᠢᠭᠦᠯᠬᠦ ᠶᠠᠪᠤᠴᠠ ᠳᠤ ᠭᠠᠷᠤᠭᠰᠠᠨ ᠵᠥᠷᠢᠴᠡᠯ᠂ ᠲᠡᠭᠦᠨ ᠳᠦ ᠨᠥᠯᠦᠭᠡᠯᠡᠭᠰᠡᠨ ᠰᠢᠯᠲᠠᠭᠠᠨ᠂ ᠨᠥᠬᠥᠴᠡᠯ ᠢ ᠠᠷᠢᠯᠭᠠᠭᠤᠯᠬᠤ ᠪᠠᠷ ᠬᠢᠨᠠᠯᠲᠠ ᠶᠢᠨ ᠬᠠᠷᠢᠶ᠎ᠠ ᠪᠠᠶᠢᠭᠤᠯᠤᠯᠭ᠎ᠠ ᠨᠤᠭᠤᠳ ᠲᠤ ᠳᠦᠷᠪᠡᠨ ᠱᠠᠭᠠᠷᠳᠠᠯᠭ᠎ᠠ ᠲᠤᠰ ᠲᠤᠰ ᠪᠢᠴᠢᠵᠦ ᠬᠦᠷᠭᠡᠭᠦᠯᠵᠡᠢ᠃
ᠥᠩᠭᠡᠷᠡᠭᠰᠡᠨ ᠳᠣᠯᠣᠭ᠎ᠠ ᠬᠣᠨᠣᠭ ᠲᠤ 2161 ᠬᠡᠷᠡᠭ ᠦᠨ ᠮᠥᠷᠳᠡᠨ ᠪᠠᠶᠢᠴᠠᠭᠠᠯᠲᠠ ᠶᠢᠨ ᠠᠵᠢᠯᠯᠠᠭᠠᠨ ᠳᠤ ᠬᠢᠨᠠᠯᠲᠠ ᠲᠠᠯᠪᠢᠵᠤ᠂ 305 ᠬᠡᠷᠡᠭ ᠲᠦ ᠶᠠᠯᠠᠯᠠᠬᠤ ᠳ᠋ᠦᠩᠨᠡᠯᠲᠡ ᠦᠢᠯᠡᠳᠦᠨ ᠰᠢᠭᠦᠬᠦ ᠳᠦ ᠰᠢᠯᠵᠢᠭᠦᠯᠦᠭᠡᠳ ᠪᠠᠶᠢᠭ᠎ᠠ ᠶᠤᠮ᠃