ᠧᠦ᠋ᠷᠣᠫᠠ ᠶᠢᠨ ᠬᠣᠯᠪᠣᠭᠠᠨ ᠠᠴᠠ ᠮᠣᠩᠭᠣᠯ ᠤᠯᠤᠰ ᠲᠤ ᠰᠠᠭᠤᠭ᠎ᠠ ᠲᠥᠯᠥᠭᠡᠯᠡᠭᠴᠢ ᠶᠢᠨ ᠭᠠᠵᠠᠷ ᠪᠣᠯᠤᠨ ᠲᠤᠰ ᠬᠣᠯᠪᠣᠭᠠᠨ ᠤ ᠭᠡᠰᠢᠭᠦᠨ ᠣᠷᠣᠨ ᠨᠤᠭᠤᠳ ᠤᠨ ᠳ᠋ᠢᠫᠯᠣᠮᠠᠲ ᠲᠥᠯᠥᠭᠡᠯᠡᠭᠴᠢ ᠶᠢᠨ ᠭᠠᠵᠠᠷ ᠤᠳ ᠬᠠᠮᠲᠤᠷᠠᠨ 5 ᠳ᠋ᠤᠭᠠᠷ ᠰᠠᠷ᠎ᠠ ᠶᠢᠨ 28 ᠍ ᠤ ᠪᠠᠰᠠᠩ ᠭᠠᠷᠠᠭ ᠲᠤ ᠧᠦ᠋ᠷᠣᠫᠠ ᠶᠢᠨ ᠰᠣᠩᠭᠣᠳᠠᠭ ᠬᠥᠭᠵᠢᠮ ᠦᠨ ᠴᠠᠬᠢᠮ ᠺᠣᠨᠼᠧᠷᠲ ᠢ ᠲᠠ ᠪᠦᠬᠦᠨ ᠳᠦ ᠪᠡᠨ ᠲᠣᠯᠢᠯᠠᠭᠤᠯᠬᠤ ᠭᠡᠵᠦ ᠪᠠᠶᠢᠨ᠎ᠠ᠃
ᠡᠨᠡ ᠬᠦ ᠺᠣᠨᠼᠧᠷᠲ ᠢ ᠵᠢᠯ ᠪᠦᠷᠢ ᠶᠢᠨ 5 ᠳ᠋ᠤᠭᠠᠷ ᠰᠠᠷ᠎ᠠ ᠶᠢᠨ 9 ᠍ ᠳᠦ ᠲᠡᠮᠳᠡᠭᠯᠡᠨ ᠥᠩᠭᠡᠷᠡᠭᠦᠯᠳᠡᠭ ᠧᠦ᠋ᠷᠣᠫᠠ ᠶᠢᠨ ᠡᠳᠦᠷ ᠲᠦ ᠵᠤᠷᠢᠭᠤᠯᠤᠨ ᠭᠤᠷᠪᠠᠳᠠᠬᠢ ᠤᠳᠠᠭ᠎ᠠ ᠪᠠᠨ ᠵᠣᠬᠢᠶᠠᠨ ᠪᠠᠶᠢᠭᠤᠯᠵᠤ ᠪᠠᠶᠢᠭ᠎ᠠ ᠪᠥᠭᠡᠳ ᠪᠧᠯᠬᠢ᠂ ᠭᠷᠧᠺ᠂ ᠠᠢᠷᠯᠠᠨᠳ᠋᠂ ᠢᠲ᠋ᠠᠯᠢ᠂ ᠰᠸᠯᠤᠸᠢᠨᠢᠶᠠ᠂ ᠰᠸᠸᠳ᠋ᠸᠨ᠂ ᠴᠸᠬᠤ᠋ ᠵᠡᠷᠭᠡ ᠤᠯᠤᠰ ᠤᠨ ᠰᠣᠷ ᠪᠦᠲᠦᠭᠡᠯ ᠦᠳ ᠲᠣᠭᠯᠠᠭᠳᠠᠵᠤ᠂ ᠲᠠ ᠪᠦᠬᠦᠨ ᠦ ᠰᠣᠨᠣᠷ ᠢ ᠮᠢᠯᠢᠶᠠᠬᠤ ᠪᠣᠯᠤᠨ᠎ᠠ᠃