ᠬᠡᠦᠬᠡᠳ ᠦᠨ ᠢᠶᠡᠨ EQ ᠬᠦᠭᠵᠢᠯ ᠳᠦ ᠠᠩᠬᠠᠷᠬᠤ ᠵᠦᠢᠯᠡᠰ ᠦᠨ ᠲᠠᠯ᠎ᠠ ᠪᠠᠷ Focus on the Family Mongolia ᠪᠠᠶᠢᠭᠤᠯᠤᠯᠭ᠎ᠠ ᠶᠢᠨ ᠲᠡᠷᠢᠭᠦᠨ᠂ ᠺᠯᠢᠨᠢᠺ ᠰᠡᠳᠬᠢᠯ ᠵᠦᠢᠴᠢ ᠲ∙ᠬᠣᠩᠭᠣᠷᠵᠤᠯᠠ ᠲᠠᠢ ᠶᠠᠷᠢᠯᠴᠠᠯ᠎ᠠ᠃
– ᠰᠠᠶᠢᠨ ᠪᠠᠶᠢᠨ᠎ᠠ ᠤᠤ᠂ ᠶᠠᠭᠤᠨ ᠤ ᠡᠮᠦᠨ᠎ᠡ EQ ᠭᠡᠵᠦ ᠴᠤᠬᠤᠮ ᠶᠠᠮᠠᠷ ᠴᠢᠳᠠᠪᠤᠷᠢ ᠪᠣᠯᠬᠤ ᠲᠠᠯ᠎ᠠ ᠪᠠᠷ ᠤᠩᠰᠢᠭᠴᠢᠳ ᠲᠤ ᠮᠡᠳᠡᠭᠡᠯᠡᠯ ᠥᠭᠬᠦ ᠦᠭᠡᠢ ᠤᠤ︖
– EQ ᠭᠡᠳᠡᠭ ᠨᠢ ᠥᠪᠡᠷ ᠦᠨ ᠪᠣᠯᠤᠨ ᠪᠤᠰᠤᠳ ᠤᠨ ᠰᠡᠳᠬᠢᠯ ᠬᠥᠳᠡᠯᠦᠯ ᠢ ᠤᠶᠢᠯᠠᠭᠠᠬᠤ ᠂ ᠵᠣᠬᠢᠴᠠᠭᠤᠯᠬᠤ᠂ ᠬᠠᠷᠢᠯᠴᠠᠭᠠᠨ ᠤ ᠤᠷ᠎ᠠ ᠴᠢᠳᠠᠪᠤᠷᠢ᠂ ᠳᠣᠲᠣᠭᠠᠳᠤ ᠮᠣᠲ᠋ᠢᠸᠠᠼᠢ ᠪᠤᠶᠤ ᠰᠡᠳᠦᠯ ᠰᠠᠨᠠᠭᠠᠴᠢᠯᠠᠭ᠎ᠠ ᠶᠤᠮ᠃ ᠲᠤᠬᠠᠶᠢᠯᠠᠪᠠᠯ᠂ ᠮᠣᠩᠭᠣᠯᠴᠤᠳ ᠤᠨ ᠬᠤᠪᠢ ᠳᠤ ᠠᠯᠢᠪᠠ ᠵᠦᠢᠯ ᠳᠦ ᠳᠣᠭᠰᠢᠨ ᠰᠢᠷᠦᠭᠦᠨ ᠪᠠᠶᠢᠳᠠᠯ ᠢᠶᠠᠷ ᠬᠠᠷᠢᠯᠴᠠᠵᠤ᠂ ᠨᠢᠳᠤᠷᠭ᠎ᠠ ᠵᠥᠷᠢᠭᠦᠯᠵᠦ᠂ ᠬᠤᠷᠳᠤᠨ ᠲᠠᠶᠢᠪᠤᠰᠢᠷᠠᠵᠤ ᠴᠢᠳᠠᠳᠠᠭ ᠦᠭᠡᠢ᠂ ᠣᠯᠠᠨ ᠨᠡᠶᠢᠲᠡ ᠶᠢᠨ ᠰᠦᠯᠵᠢᠶᠡᠨ ᠳᠦ ᠪᠤᠰᠤᠳ ᠢ ᠳᠣᠷᠣᠮᠵᠢᠯᠠᠵᠤ᠂ ᠪᠤᠷᠤᠭᠤᠳᠬᠠᠳᠠᠭ᠂ ᠳᠣᠲᠣᠷ᠎ᠠ ᠪᠠᠨ ᠰᠡᠳᠬᠢᠯ ᠬᠥᠳᠡᠯᠦᠯ ᠢᠶᠡᠨ ᠨᠢᠭᠤᠵᠤ ᠳᠠᠷᠤᠳᠠᠭ᠂ ᠤᠬᠢᠯᠠᠬᠤ ᠶᠢ ᠰᠤᠯᠠ ᠳᠣᠷᠣᠢ ᠭᠡᠵᠦ ᠦᠵᠡᠳᠡᠭ᠂ ᠠᠯᠢᠪᠠ ᠵᠦᠢᠯ ᠢ ᠰᠠᠨᠠᠭᠠᠴᠢᠯᠠᠭ᠎ᠠ ᠲᠠᠢ ᠪᠠᠷ ᠥᠪᠡᠷ ᠦᠨ ᠬᠦᠰᠡᠯ ᠦᠨ ᠳᠠᠭᠠᠤ ᠬᠢᠳᠡᠭ ᠦᠭᠡᠢ ᠵᠡᠷᠭᠡ ᠨᠢ EQ ᠦᠨ ᠬᠥᠭᠵᠢᠯ ᠲᠠᠭᠠᠷᠠᠤ ᠪᠠᠶᠢᠭ᠎ᠠ ᠲᠠᠢ ᠬᠣᠯᠪᠣᠭ᠎ᠠ ᠲᠠᠢ᠃
– ᠲᠡᠭᠡᠪᠡᠯ ᠡᠴᠢᠭᠡ᠂ ᠡᠬᠡᠴᠦᠳ ᠬᠡᠦᠬᠡᠳ ᠲᠦ ᠪᠡᠨ EQ ᠴᠢᠳᠠᠪᠤᠷᠢ ᠰᠠᠭᠤᠯᠭᠠᠬᠤ ᠶᠢᠨ ᠲᠤᠯᠠᠳᠠ ᠬᠡᠷᠬᠢᠨ ᠬᠠᠷᠢᠯᠴᠠᠵᠤ᠂ ᠣᠶᠢᠯᠠᠭᠠᠯᠴᠠᠵᠤ᠂ ᠰᠤᠷᠭᠠᠬᠤ ᠶᠣᠰᠣᠲᠠᠢ ᠪᠠᠶᠢᠳᠠᠭ ᠪᠤᠢ︖
– EQ ᠦᠨ ᠬᠦᠭᠵᠢᠯ ᠳᠦ ᠬᠠᠮᠤᠭ ᠤᠨ ᠭᠣᠣᠯ ᠵᠦᠢᠯ ᠨᠢ ᠡᠴᠢᠭᠡ᠂ ᠡᠬᠡ ᠶᠢᠨ ᠬᠠᠷᠢᠯᠴᠠᠭ᠎ᠠ᠂ ᠭᠡᠷ ᠪᠦᠯᠢ ᠶᠢᠨ ᠣᠷᠴᠢᠨ᠃ ᠬᠠᠷᠢᠯᠴᠠᠭ᠎ᠠ ᠪᠠᠶᠢᠬᠤ ᠦᠭᠡᠢ ᠪᠣᠯ ᠬᠦᠮᠦᠨ ᠥᠪᠡᠷ ᠲᠦ ᠲᠦᠷᠦᠵᠦ ᠪᠤᠢ ᠰᠡᠳᠬᠢᠭᠳᠡᠯ ᠢᠶᠡᠨ ᠢᠯᠡᠷᠬᠡᠶᠢᠯᠡᠬᠦ ᠶᠠᠮᠠᠷ ᠴᠤ ᠪᠣᠯᠤᠮᠵᠢ ᠦᠭᠡᠢ ᠰᠢᠦ ᠳ᠋ᠡ᠃ ᠵᠢᠱᠢᠶ᠎ᠡ ᠨᠢ ᠬᠡᠦᠬᠡᠳ ᠦᠳ ᠭᠡᠷ ᠲᠦ ᠪᠡᠨ ᠲᠠᠭ᠎ᠠ ᠦᠭᠡᠢ ᠰᠡᠳᠬᠢᠭᠳᠡᠯ ᠢᠶᠡᠨ ᠢᠯᠡᠷᠬᠡᠶᠢᠯᠡᠬᠦ ᠪᠡᠷ ᠡᠴᠢᠭᠡ᠂ ᠡᠬᠡᠴᠦᠳ ᠨᠢ ᠲᠡᠷᠡ ᠪᠣᠯᠭᠠᠨ ᠬᠦᠯᠢᠶᠡᠵᠦ ᠠᠪᠴᠤ ᠴᠢᠳᠠᠳᠠᠭ ᠦᠭᠡᠢ᠃ ︽ᠴᠢ ᠶᠠᠭᠠᠬᠢᠭᠰᠠᠨ ᠭᠡᠵᠦ ᠤᠬᠢᠯᠠᠳᠠᠭ ᠶᠤᠮ᠂ ᠮᠢᠨᠦ ᠡᠮᠦᠨ᠎ᠡ ᠠᠴᠠ ᠶᠠᠭᠠᠬᠢᠭᠰᠠᠨ ᠭᠡᠵᠦ ᠶᠠᠭᠤᠮ᠎ᠠ ᠬᠡᠯᠡᠭᠡᠳ ᠪᠠᠶᠢᠭ᠎ᠠ ᠶᠤᠮ᠂ ᠬᠤᠷᠳᠤᠨ ᠳᠠᠭᠤ ᠦᠭᠡᠢ ᠪᠣᠯ ︾ ᠭᠡᠬᠦ ᠮᠡᠲᠦ ᠪᠡᠷ ᠡᠰᠡᠷᠭᠦ ᠬᠦᠮᠦᠨ ᠨᠢ ᠲᠠᠭ᠎ᠠ ᠦᠭᠡᠢ ᠰᠡᠳᠬᠢᠯ ᠬᠥᠳᠡᠯᠦᠯ ᠢᠶᠡᠨ ᠢᠯᠡᠷᠬᠡᠶᠢᠯᠡᠬᠦ ᠪᠣᠯᠤᠮᠵᠢ ᠣᠯᠭᠤᠳᠠᠭ ᠦᠭᠡᠢ᠃
ᠲᠡᠭᠡᠭᠡᠳ ᠬᠡᠦᠬᠡᠳ ᠲᠠᠶᠢᠪᠤᠰᠢᠷᠠᠵᠤ ᠴᠢᠳᠠᠳᠠᠭ ᠦᠭᠡᠢ᠃ ᠢᠩᠭᠢᠭᠰᠡᠨ ᠢᠶᠡᠷ ᠬᠡᠦᠬᠡᠳ ᠳᠣᠲᠣᠷ᠎ᠠ ᠪᠠᠨ ᠪᠤᠬᠢᠨᠢᠳᠤᠯ ᠲᠠᠢ᠂ ᠡᠵᠢ ᠠᠪᠤ ᠳᠤ ᠪᠠᠨ ᠭᠣᠮᠣᠳᠠᠯ ᠲᠠᠢ ᠶᠠᠪᠤᠭᠰᠠᠭᠠᠷ ᠰᠡᠭᠦᠯ ᠳᠦ ᠪᠡᠨ ᠥᠪᠡᠷ ᠦᠨ ᠢᠶᠡᠨ ᠳᠣᠲᠣᠷ᠎ᠠ ᠪᠣᠯᠵᠤ ᠪᠠᠶᠢᠭ᠎ᠠ ᠵᠦᠢᠯ ᠢᠶᠡᠨ ᠨᠡᠭᠡᠭᠡᠵᠦ ᠴᠢᠳᠠᠬᠤ ᠦᠭᠡᠢ᠂ ᠪᠤᠰᠤᠳ ᠲᠠᠢ ᠶᠠᠷᠢᠯᠴᠠᠵᠤ ᠣᠶᠢᠯᠠᠭᠠᠯᠴᠠᠵᠤ ᠴᠢᠳᠠᠬᠤ ᠦᠭᠡᠢ ᠰᠡᠳᠬᠢᠯ ᠭᠤᠲᠤᠷᠠᠯ ᠳᠤ ᠣᠷᠣᠳᠠᠭ᠃ ᠲᠡᠶᠢᠮᠦ ᠳᠦ ᠡᠴᠢᠭᠡ ᠡᠬᠡᠴᠦᠳ ᠡᠬᠢᠯᠡᠭᠡᠳ ᠥᠪᠡᠷᠰᠡᠳ ᠦᠨ ᠢᠶᠡᠨ ᠰᠡᠳᠬᠢᠯ ᠬᠥᠳᠡᠯᠦᠯ ᠢ ᠲᠠᠨᠢᠵᠤ ᠮᠡᠳᠡᠭᠡᠳ ᠢᠯᠡᠷᠬᠡᠶᠢᠯᠡᠵᠦ ᠴᠢᠳᠠᠳᠠᠭ ᠪᠣᠯᠤᠭᠰᠠᠨ ᠤ ᠳᠠᠷᠠᠭ᠎ᠠ ᠬᠡᠦᠬᠡᠳ ᠦᠨ ᠢᠶᠡᠨ ᠰᠥᠷᠭᠦ ᠰᠡᠳᠬᠢᠯ ᠬᠥᠳᠡᠯᠦᠯ ᠢ ᠬᠦᠯᠢᠶᠡᠨ ᠠᠪᠴᠤ᠂ ᠵᠥᠪᠯᠡᠵᠦ ᠴᠢᠳᠠᠳᠠᠭ ᠴᠢᠳᠠᠪᠤᠷᠢ ᠲᠠᠢ ᠪᠣᠯᠬᠤ ᠬᠡᠷᠡᠭᠲᠡᠢ᠃ ᠬᠡᠦᠬᠡᠳ ᠠᠶᠤᠵᠤ ᠡᠮᠢᠶᠡᠯ ᠦᠭᠡᠢ ᠪᠡᠷ ᠰᠡᠳᠬᠢᠯ ᠬᠥᠳᠡᠯᠦᠯ ᠢᠶᠡᠨ ᠢᠯᠡᠷᠬᠡᠶᠢᠯᠡᠬᠦ ᠣᠷᠴᠢᠨ ᠳᠤᠲᠠᠭᠳᠠᠵᠤ ᠪᠠᠶᠢᠨ᠎ᠠ᠃ ᠶᠠᠮᠠᠷ ᠴᠤ ᠦᠶ᠎ᠡ ᠳᠦ ᠬᠡᠦᠬᠡᠳ ᠡᠴᠢᠭᠡ᠂ ᠡᠬᠡ ᠲᠡᠢ ᠪᠡᠨ ᠠᠶᠤᠵᠤ ᠡᠮᠢᠶᠡᠯ ᠦᠭᠡᠢ ᠪᠡᠷ ᠰᠡᠳᠬᠢᠯ ᠬᠥᠳᠡᠯᠦᠯ ᠪᠣᠯᠤᠨ ᠦᠵᠡᠯ ᠪᠣᠳᠣᠯ ᠢᠶᠠᠨ ᠴᠢᠯᠦᠭᠡᠲᠡᠢ ᠢᠯᠡᠷᠬᠡᠶᠢᠯᠡᠬᠦ ᠪᠣᠯᠤᠮᠵᠢ ᠣᠯᠭᠣᠬᠤ ᠶᠣᠰᠣᠲᠠᠢ᠃ ᠵᠢᠱᠢᠶ᠎ᠡ ᠨᠢ ᠬᠡᠦᠬᠡᠳ ᠤᠬᠢᠯᠠᠬᠤ ᠳᠤ ᠶᠠᠭᠤᠨ ᠠᠴᠠ ᠪᠣᠯᠤᠭᠰᠠᠨ ᠰᠢᠯᠲᠠᠭᠠᠨ ᠢ ᠨᠢ ᠠᠰᠠᠭᠤᠵᠤ᠂ ᠰᠡᠳᠬᠢᠯ ᠰᠠᠨᠠᠭ᠎ᠠ ᠨᠢ ᠶᠠᠮᠠᠷ ᠪᠠᠶᠢᠭ᠎ᠠ ᠶᠢ ᠨᠢ᠂ ᠪᠤᠬᠢᠨᠢᠳᠤᠯ ᠳᠤ ᠬᠦᠷᠭᠡᠭᠰᠡᠨ ᠰᠢᠯᠲᠠᠭᠠᠨ ᠢ ᠨᠢ ᠵᠠᠪᠠᠯ ᠰᠣᠨᠣᠰᠴᠤ ᠰᠤᠷᠬᠤ ᠬᠡᠷᠡᠭᠲᠡᠢ᠃ ᠮᠥᠨ ᠬᠦᠮᠦᠰ ᠡᠶᠡᠷᠭᠦ ᠪᠠᠶᠢᠶ᠎ᠠ᠂ ᠡᠶᠡᠷᠭᠦ ᠵᠦᠢᠯ ᠢ ᠪᠣᠳᠣᠶ᠎ᠠ ᠭᠡᠳ ᠰᠥᠷᠭᠦ ᠰᠡᠳᠬᠢᠯ ᠬᠥᠳᠡᠯᠦᠯ ᠮᠡᠳᠡᠷᠡᠮᠵᠢ ᠪᠡᠨ ᠬᠦᠯᠢᠶᠡᠵᠦ ᠠᠪᠬᠤ ᠦᠭᠡᠢ ᠦᠭᠡᠶᠢᠰᠭᠡᠬᠦ ᠬᠠᠨᠳᠤᠯᠭ᠎ᠠ ᠶᠡᠬᠡ ᠠᠵᠢᠭᠯᠠᠭᠳᠠᠳᠠᠭ᠃ ᠦᠨᠡᠨ ᠬᠡᠷᠡᠭ ᠲᠦ ᠪᠡᠨ ᠬᠦᠮᠦᠨ ᠭᠤᠨᠢᠭᠯᠠᠬᠤ᠂ ᠲᠠᠭ᠎ᠠ ᠦᠭᠡᠢ ᠰᠡᠳᠬᠢᠯ ᠬᠥᠳᠡᠯᠦᠯ ᠢᠶᠡᠨ ᠬᠦᠯᠢᠶᠡᠵᠦ ᠠᠪᠤᠭᠠᠳ ᠢᠯᠡᠷᠬᠡᠶᠢᠯᠡᠬᠦ ᠦᠶ᠎ᠡ ᠳᠦ ᠲᠠᠭᠠᠯᠠᠮᠵᠢᠲᠠᠢ ᠰᠡᠳᠬᠢᠯ ᠬᠥᠳᠡᠯᠦᠯ ᠮᠡᠳᠡᠷᠡᠮᠵᠢ ᠪᠤᠢ ᠪᠣᠯᠳᠠᠭ ᠶᠤᠮ᠃ ᠬᠦᠯᠢᠶᠡᠵᠦ ᠠᠪᠬᠤ ᠦᠭᠡᠢ ᠭᠡᠳ ᠪᠠᠶᠢᠭ᠎ᠠ ᠰᠥᠷᠭᠦ ᠮᠡᠳᠡᠷᠡᠮᠵᠢ ᠨᠢ ᠡᠰᠡᠷᠭᠦ ᠪᠡᠷ ᠢᠶᠡᠨ ᠲᠡᠷᠡ ᠬᠦᠮᠦᠨ ᠦ ᠪᠦᠬᠦ ᠵᠦᠢᠯ ᠳᠦ ᠰᠦᠷᠭᠦ ᠪᠡᠷ ᠨᠥᠯᠦᠭᠡᠯᠡᠳᠡᠭ ᠢ ᠮᠠᠨᠠᠶᠢᠬᠢᠨ ᠮᠡᠳᠡᠳᠡᠭ ᠦᠭᠡᠢ᠃ ᠡᠬᠢᠯᠡᠭᠡᠳ ᠰᠥᠷᠭᠦ ᠮᠡᠳᠡᠷᠡᠮᠵᠢ ᠪᠡᠨ ᠢᠯᠡᠷᠬᠡᠶᠢᠯᠡᠵᠦ ᠪᠠᠶᠢᠵᠤ᠂ ᠳᠠᠷᠠᠭ᠎ᠠ ᠨᠢ ᠡᠶᠡᠷᠭᠦ ᠰᠡᠳᠬᠢᠭᠳᠡᠯ ᠢ ᠣᠯᠵᠤ ᠠᠪᠳᠠᠭ ᠪᠤᠶᠤ ᠬᠦᠮᠦᠨ ᠲᠠᠭ᠎ᠠ ᠦᠭᠡᠢ ᠵᠦᠢᠯ ᠢᠶᠡᠨ ᠭᠠᠷᠭᠠᠵᠤ ᠶᠠᠷᠢᠬᠤ ᠨᠢ ᠰᠠᠶᠢᠨ ᠬᠡᠷᠡᠭ᠃
ᠡᠴᠢᠭᠡ᠂ ᠡᠬᠡ᠂ ᠪᠠᠭᠰᠢ ᠰᠤᠷᠭᠠᠨ ᠬᠦᠮᠦᠵᠢᠭᠦᠯᠦᠭᠴᠢ ᠪᠦᠭᠦᠳᠡ ᠯᠠ ᠬᠡᠦᠬᠡᠳ ᠢ ᠰᠠᠶᠢᠨ ᠬᠦᠮᠦᠨ ᠪᠣᠯᠤᠭᠠᠰᠠᠢ ᠭᠡᠵᠦ ᠬᠦᠰᠡᠳᠡᠭ᠃ ᠬᠢᠴᠢᠶᠡᠯ ᠢᠶᠡᠨ ᠰᠠᠶᠢᠨ ᠬᠢᠭᠡᠳ᠂ ᠱᠠᠩᠨᠠᠯ ᠤᠷᠮᠠᠰᠢᠭᠤᠯᠤᠯ ᠠᠪᠠᠪᠠᠯ ᠰᠠᠶᠢᠨ ᠬᠦᠮᠦᠨ ᠶᠤᠮ ᠰᠢᠭ᠋ ᠣᠶᠢᠯᠠᠭᠠᠵᠤ᠂ ᠰᠢᠬᠠᠵᠤ ᠱᠠᠭᠠᠷᠳᠠᠳᠠᠭ᠃ ᠭᠡᠪᠡᠴᠦ ᠲᠤᠬᠠᠢ ᠶᠢᠨ ᠬᠡᠦᠬᠡᠳ ᠡᠴᠢᠭᠡ᠂ ᠡᠬᠡ ᠪᠠᠭᠰᠢ ᠰᠤᠷᠭᠠᠨ ᠬᠦᠮᠦᠵᠢᠭᠦᠯᠦᠭᠴᠢ ᠨᠠᠷ ᠠᠴᠠ ᠥᠪᠡᠷ ᠢ ᠨᠢ ᠲᠠᠨᠢᠵᠤ ᠮᠡᠳᠡᠵᠦ ᠣᠶᠢᠯᠠᠭᠠᠭᠠᠰᠠᠢ᠂ ᠢᠯᠠᠩᠭᠤᠶ᠎ᠠ ᠳᠣᠲᠣᠭᠠᠳᠤ ᠬᠦᠮᠦᠨ ᠪᠤᠶᠤ ᠶᠠᠮᠠᠷ ᠰᠡᠳᠬᠢᠯ ᠬᠥᠳᠡᠯᠦᠯ ᠮᠡᠳᠡᠷᠡᠮᠵᠢ ᠲᠥᠷᠦᠭᠡᠳ ᠪᠠᠶᠢᠭ᠎ᠠ ᠶᠢ ᠮᠡᠳᠡᠭᠡᠰᠡᠢ ᠭᠡᠵᠦ ᠬᠦᠰᠡᠳᠡᠭ᠃ ᠬᠡᠦᠬᠡᠳ ᠢᠶᠡᠨ ᠨᠥᠬᠥᠴᠡᠯ ᠲᠠᠯᠪᠢᠯ ᠦᠭᠡᠢ ᠪᠡᠷ ᠪᠠᠶᠢᠭ᠎ᠠ ᠪᠠᠷ ᠨᠢ ᠣᠶᠢᠯᠠᠭᠠᠵᠤ ᠬᠦᠯᠢᠶᠡᠵᠦ ᠠᠪᠳᠠᠭ ᠭᠡᠰᠡᠨ ᠮᠧᠰᠰᠧᠵ ᠨᠢ ᠬᠡᠦᠬᠡᠳ ᠥᠪᠡᠷ ᠦᠨ ᠢᠶᠡᠨ ᠲᠠᠯ᠎ᠠ ᠪᠠᠷ ᠪᠤᠶᠤ ᠪᠤᠰᠤᠳ ᠤᠨ ᠲᠠᠯ᠎ᠠ ᠪᠠᠷ ᠡᠶᠡᠷᠭᠦ ᠮᠡᠳᠡᠷᠡᠮᠵᠢ ᠪᠣᠳᠣᠯ ᠰᠠᠨᠠᠭ᠎ᠠ ᠲᠠᠢ ᠪᠠᠶᠢᠬᠤ ᠳᠤ ᠨᠥᠯᠦᠭᠡᠯᠡᠳᠡᠭ᠃ ᠲᠡᠶᠢᠮᠦ ᠡᠴᠡ ᠬᠡᠦᠬᠡᠳ ᠢ ᠠᠮᠵᠢᠯᠲᠠ ᠳᠤ ᠬᠦᠷᠭᠡᠬᠦ ᠭᠣᠣᠯ ᠬᠥᠰᠢᠭᠦᠷᠭᠡ ᠪᠣᠯ ᠳ᠋ᠦᠩ᠂ ᠱᠠᠩᠨᠠᠯ ᠤᠷᠮᠠᠰᠢᠭᠤᠯᠤᠯ ᠪᠢᠰᠢ ᠬᠠᠷᠢᠨ ᠥᠪᠡᠷ ᠢ ᠨᠢ ᠬᠠᠶᠢᠷᠠᠯᠠᠵᠤ ᠰᠠᠨᠠᠭ᠎ᠠ ᠲᠠᠯᠪᠢᠳᠠᠭ ᠬᠠᠷᠢᠯᠴᠠᠭ᠎ᠠ ᠶᠤᠮ᠃ ᠮᠥᠨ ᠬᠡᠦᠬᠡᠳ ᠢᠶᠡᠨ ᠶᠠᠮᠠᠷ ᠴᠤ ᠦᠶ᠎ᠡ ᠳᠦ ᠶᠡᠬᠡ ᠲᠡᠪᠡᠷᠢᠳᠡᠭ ᠪᠠᠶᠢᠭᠠᠷᠠᠢ᠃ ᠢᠩᠭᠢᠭᠰᠡᠨ ᠢᠶᠡᠷ ᠢᠲᠡᠭᠡᠯᠴᠡᠯ ᠪᠠ ᠰᠡᠳᠬᠢᠯ ᠦᠨ ᠬᠣᠯᠪᠣᠭᠠᠰᠤ ᠪᠣᠯᠬᠤ ᠬᠤᠷᠮᠤᠨ ᠢ ᠪᠡᠶ᠎ᠡ ᠳᠦ ᠢᠯᠭᠠᠷᠠᠭᠤᠯᠳᠠᠭ᠃