Lil Uzi Vert ᠮᠠᠩᠨᠠᠢ ᠳᠤ ᠪᠠᠨ ᠸᠴᠢᠷ ᠡᠷᠳᠡᠨᠢ ᠰᠢᠭᠢᠳᠬᠡᠭᠦᠯᠦᠨ᠎ᠡ  | News.MN

Lil Uzi Vert ᠮᠠᠩᠨᠠᠢ ᠳᠤ ᠪᠠᠨ ᠸᠴᠢᠷ ᠡᠷᠳᠡᠨᠢ ᠰᠢᠭᠢᠳᠬᠡᠭᠦᠯᠦᠨ᠎ᠡ 

Lil Uzi Vert ᠨᠡᠷ᠎ᠡ ᠪᠡᠷ ᠲᠠᠶᠢᠰᠠᠨ᠎ᠠ ᠭᠠᠷᠴᠤ ᠠᠯᠳᠠᠷᠰᠢᠭᠰᠠᠨ ᠠᠮᠧᠷᠢᠺᠠ ᠶᠢᠨ ᠬᠢᠫ ᠬᠣᠫ ᠳᠠᠭᠤᠴᠢᠨ ᠰᠠᠶᠢᠮᠢᠷ ᠸᠤᠳᠤᠰ ᠮᠠᠩᠨᠠᠢ ᠳᠤ ᠪᠠᠨ 24 ᠰᠠᠶ᠎ᠠ ᠳ᠋ᠣᠯᠯᠠᠷ ᠤᠨ ᠦᠨ᠎ᠡ ᠲᠡᠢ ᠸᠴᠢᠷ ᠡᠷᠳᠡᠨᠢ  ᠶᠢᠨ ᠴᠢᠯᠠᠭᠤ  ᠰᠠᠭᠤᠯᠭᠠᠭᠤᠯᠬᠤ ᠪᠠᠷ ᠵᠡᠬᠡᠵᠦ ᠪᠠᠶᠢᠭ᠎ᠠ ᠶᠢ ᠲᠸᠢᠲ᠋ᠲ᠋ᠧᠷ ᠬᠠᠭᠤᠳᠠᠰᠤᠨ ᠳᠤ ᠪᠠᠨ ᠪᠢᠴᠢᠵᠡᠢ᠃ Revolt ᠬᠡᠪᠯᠡᠯ ᠳᠦ ᠦᠭᠦᠯᠡᠭᠰᠡᠨ ᠢᠶᠡᠷ᠂ ᠳᠠᠭᠤᠴᠢᠨ 10 ᠺᠠᠷᠠᠲ ᠤᠨ ᠵᠢᠩ ᠲᠡᠢ ᠶᠠᠭᠠᠨ ᠸᠴᠢᠷ ᠡᠷᠳᠡᠨᠢ ᠬᠤᠳᠠᠯᠳᠤᠨ ᠠᠪᠤᠭᠰᠠᠨ ᠪᠠᠶᠢᠨ᠎ᠠ᠃ ᠸᠤᠳᠤᠰ 2017 ᠣᠨ ᠳᠤ ᠠᠩᠬ᠎ᠠ ᠡᠶᠢᠮᠦ ᠥᠩᠭᠡ ᠶᠢᠨ ᠸᠴᠢᠷ ᠡᠷᠳᠡᠨᠢ ᠣᠯᠵᠤ ᠬᠠᠷᠠᠭᠠᠳ ᠮᠥᠩᠭᠥ ᠪᠡᠨ ᠬᠤᠷᠠᠮᠲᠤᠯᠠᠭᠤᠯᠵᠤ ᠡᠬᠢᠯᠡᠭᠰᠡᠨ ᠭᠡᠨ᠎ᠡ᠃ ᠦᠨᠡᠲᠦ ᠴᠢᠯᠠᠭᠤ ᠲᠡᠭᠦᠨ ᠦ ᠪᠦᠬᠦ ᠡᠳ᠋ ᠬᠥᠷᠥᠩᠭᠡ ᠡᠴᠡ ᠦᠨᠡᠲᠡᠢ ᠲᠤᠬᠠᠢ ᠦᠭᠦᠯᠡᠵᠡᠢ᠃
ᠨᠡᠷᠡᠲᠡᠢ ᠤᠷᠠᠨ ᠳᠠᠷᠬᠠᠨ ᠡᠯᠯᠢᠣᠲ ᠡᠯᠯᠢᠶᠠᠨᠲᠸ ᠸᠴᠢᠷ ᠡᠷᠳᠡᠨᠢ ᠶᠢ ᠮᠠᠩᠨᠠᠢ ᠳᠤ ᠰᠢᠭᠢᠳᠬᠡᠬᠦ ᠠᠵᠢᠯ ᠢ ᠬᠢᠬᠦ ᠪᠡᠷ ᠪᠣᠯᠵᠠᠢ᠃ 26 ᠨᠠᠰᠤᠲᠠᠢ Lil Uzi Vert ᠠᠩᠬᠠᠨ ᠤ Money Longer ᠴᠣᠮᠣᠭ ᠢᠶᠠᠨ ᠭᠠᠷᠭᠠᠭᠰᠠᠨ ᠤ ᠳᠠᠷᠠᠭ᠎ᠠ ᠪᠠᠨ ᠠᠯᠳᠠᠷᠰᠢᠵᠤ ᠡᠬᠢᠯᠡᠭᠰᠡᠨ ᠶᠤᠮ᠃ ᠲᠡᠭᠦᠨ ᠦ XO TOUR Llif3 ᠪᠦᠲᠦᠭᠡᠯ 2017 ᠣᠨ ᠤ ᠰᠢᠯᠢᠳᠡᠭ 10  ᠳᠠᠭᠤᠤ ᠶᠢᠨ ᠵᠢᠭᠰᠠᠭᠠᠯᠲᠠ ᠳᠤ ᠪᠠᠭᠲᠠᠵᠤ ᠪᠠᠶᠢᠪᠠ᠃

ᠰᠡᠳᠬᠢᠭᠳᠡᠯ ᠦᠯᠡᠳᠡᠭᠡᠬᠦ