ᠦᠨᠳᠦᠰᠦᠨ ᠦ ᠨᠣᠮ ᠤᠨ ᠰᠠᠩ ᠰᠢᠨ᠎ᠡ ᠪᠠᠢᠷᠢ ᠲᠠᠢ ᠪᠤᠯᠤᠨ᠎ᠠ | News.MN

ᠦᠨᠳᠦᠰᠦᠨ ᠦ ᠨᠣᠮ ᠤᠨ ᠰᠠᠩ ᠰᠢᠨ᠎ᠡ ᠪᠠᠢᠷᠢ ᠲᠠᠢ ᠪᠤᠯᠤᠨ᠎ᠠ

 

ᠰᠦᠬᠡᠪᠠᠭᠠᠲᠤᠷ ᠳᠡᠭᠦᠷᠭᠡ ᠶᠢᠨ ᠳᠤᠯᠤᠳᠤᠭᠠᠷ ᠬᠣᠷᠢᠶᠠᠨ ᠳᠤ ᠪᠠᠷᠢᠵᠤ ᠪᠠᠶᠢᠭ᠎ᠠ ᠣᠨ ᠤᠳᠠᠭᠠᠨ ᠵᠢᠯ ᠦᠨ 《ᠨᠠᠰᠤᠲᠠᠢ》 ᠦᠨᠳᠦᠰᠦᠨ ᠦ ᠨᠣᠮ ᠤᠨ ᠰᠠᠩ ᠤᠨ ᠰᠢᠨ᠎ᠡ ᠪᠠᠶᠢᠷᠢᠨ ᠤ ᠪᠠᠷᠢᠯᠭ᠎ᠠ ᠶᠢᠨ ᠶᠠᠪᠤᠴᠠ 85 ᠬᠤᠪᠢ ᠶᠢᠨ ᠭᠦᠢᠴᠡᠳᠬᠡᠯ ᠲᠡᠢ ᠪᠠᠶᠢᠭ᠎ᠠ ᠭᠡᠵᠦ ᠰᠤᠶᠤᠯ ᠤᠨ ᠶᠠᠮᠤᠨ ᠠᠴᠠ ᠮᠡᠳᠡᠭᠡᠯᠡᠯ᠎ᠡ᠃ ᠶᠡᠷᠦᠩᠬᠡᠶᠢᠯᠡᠭᠴᠢ ᠶᠢᠨ  ᠵᠠᠷᠯᠢᠭ ᠢᠶᠠᠷ 2008 ᠣᠨ ᠳᠤ ᠰᠢᠨ᠎ᠡ ᠪᠠᠶᠢᠷᠢ ᠪᠠᠷᠢᠨ᠎ᠠ ᠭᠡᠰᠡᠨ ᠪᠣᠯᠪᠠᠴᠤ ᠲᠥᠰᠥᠪ ᠰᠠᠩᠬᠦᠦ ᠶᠢᠨ ᠠᠰᠠᠭᠤᠳᠠᠯ ᠰᠢᠢᠳᠦᠭᠳᠡᠬᠦ ᠦᠭᠡᠢ ᠪᠠᠶᠢᠭᠰᠠᠭᠠᠷ ᠡᠳᠦᠢ  ᠬᠦᠷᠦᠭᠰᠡᠨ ᠶᠤᠮ᠃ 11 ᠳᠠᠪᠬᠤᠷ ᠰᠢᠨ᠎ᠡ ᠨᠣᠮ ᠤᠨ ᠰᠠᠩ ᠨᠢ 450 ᠬᠦᠮᠦᠨ ᠦ ᠰᠠᠭᠤᠳᠠᠯ ᠲᠠᠢ᠂ ᠬᠠᠷᠠᠭᠠᠨ ᠤ ᠪᠣᠯᠤᠨ ᠬᠥᠭᠵᠢᠯ ᠦᠨ ᠪᠡᠷᠬᠡᠰᠢᠶᠡᠯ ᠲᠡᠢ ᠢᠷᠭᠡᠳ ᠲᠦ ᠵᠣᠷᠢᠭᠤᠯᠤᠭᠰᠠᠨ ᠰᠤᠶᠤᠯ ᠪᠣᠯᠪᠠᠰᠤᠷᠠᠯ ᠤᠨ ᠲᠠᠩᠬᠢᠮ ᠲᠠᠢ ᠶᠤᠮ᠃ ᠮᠥᠨ ᠨᠣᠮ ᠬᠡᠪᠯᠡᠯ ᠢ ᠲᠣᠭᠠᠨ ᠬᠡᠯᠪᠡᠷᠢ ᠳᠦ ᠰᠢᠯᠵᠢᠭᠦᠯᠦᠭᠰᠡᠨ ᠢᠶᠡᠷ ᠬᠢᠯᠪᠠᠷ ᠠᠷᠭ᠎ᠠ ᠪᠠᠷ᠂ ᠬᠤᠷᠳᠤᠨ ᠰᠢᠭᠤᠷᠬᠠᠢ ᠮᠡᠳᠡᠭᠡᠯᠡᠯ ᠣᠯᠵᠤ ᠠᠪᠬᠤ ᠪᠣᠯᠤᠮᠵᠢ ᠪᠦᠷᠢᠳᠦᠭᠰᠡᠨ ᠪᠠᠶᠢᠨ᠎ᠠ᠃
ᠬᠠᠷᠢᠨ ᠬᠠᠭᠤᠴᠢᠨ ᠨᠣᠮ ᠤᠨ ᠰᠠᠩ ᠤᠨ ᠲᠥᠪ ᠪᠠᠶᠢᠷᠢ ᠮᠣᠩᠭᠣᠯ ᠰᠤᠳᠤᠯᠤᠯ ᠤᠨ ᠨᠣᠮ ᠤᠨ ᠰᠠᠩ᠂ ᠭᠠᠷ ᠪᠢᠴᠢᠮᠡᠯ ᠨᠣᠮ ᠰᠤᠳᠤᠷ ᠢ ᠰᠡᠷᠭᠦᠭᠡᠨ ᠵᠠᠰᠠᠪᠤᠷᠢᠯᠠᠬᠤ ᠲᠥᠪ ᠦᠨ ᠴᠢᠭᠯᠡᠯ ᠢᠶᠡᠷ ᠦᠢᠯᠡ ᠠᠵᠢᠯᠯᠠᠭ᠎ᠠ ᠶᠠᠪᠤᠭᠤᠯᠬᠤ ᠶᠤᠮ᠃ ᠡᠨᠡ ᠬᠠᠭᠤᠴᠢᠨ ᠪᠠᠶᠢᠷᠢ ᠶᠢ 1951 ᠣᠨ ᠳᠤ 500 ᠮᠢᠩᠭᠠᠨ ᠨᠣᠮ ᠤᠨ ᠳᠠᠭᠠᠭᠠᠴᠠᠲᠠᠢ ᠪᠠᠷ ᠲᠣᠭᠠᠴᠠᠭᠠᠯᠠᠵᠤ ᠠᠰᠢᠭᠯᠠᠯᠲᠠ ᠳᠤ ᠣᠷᠣᠭᠤᠯᠵᠤ ᠪᠠᠶᠢᠭᠰᠠᠨ ᠪᠣᠯ ᠭᠤᠷᠪᠠᠨ ᠰᠠᠶ᠎ᠠ ᠣᠷᠴᠢᠮ ᠨᠣᠮ ᠲᠠᠢ ᠪᠣᠯᠵᠤ ᠥᠷᠭᠡᠵᠢᠨ ᠳᠠᠭᠠᠭᠠᠴᠠ ᠬᠡᠲᠦᠷᠡᠭᠰᠡᠨ᠃ ᠳᠥᠷᠪᠡᠨ ᠤᠳᠠᠭ᠎ᠠ ᠶᠢᠨ ᠰᠢᠯᠭᠠᠯᠲᠠ ᠪᠠᠷ ᠠᠰᠢᠭᠯᠠᠯᠲᠠ ᠶᠢᠨ ᠱᠠᠭᠠᠷᠳᠠᠯᠭ᠎ᠠ ᠬᠠᠩᠭᠠᠬᠤ ᠦᠭᠡᠢ ᠭᠡᠰᠡᠨ ᠳ᠋ᠦᠩᠨᠡᠯᠲᠡ ᠭᠠᠷᠤᠭᠰᠠᠨ ᠶᠤᠮ᠃

ᠰᠡᠳᠬᠢᠭᠳᠡᠯ ᠦᠯᠡᠳᠡᠭᠡᠬᠦ