ᠲᠥᠷᠥ ᠶᠢᠨ ᠠᠯᠪᠠᠨ ᠬᠠᠭᠠᠭᠴᠢᠳ ᠲᠤ ᠮᠣᠩᠭᠣᠯ ᠪᠢᠴᠢᠭ  ᠵᠢᠭᠠᠨ᠎ᠠ  | News.MN

ᠲᠥᠷᠥ ᠶᠢᠨ ᠠᠯᠪᠠᠨ ᠬᠠᠭᠠᠭᠴᠢᠳ ᠲᠤ ᠮᠣᠩᠭᠣᠯ ᠪᠢᠴᠢᠭ  ᠵᠢᠭᠠᠨ᠎ᠠ 

 

ᠳᠤᠮᠳᠠᠭᠤᠪᠢ ᠠᠶᠢᠮᠠᠭ ᠤᠨ ᠬᠡᠯᠡᠨ ᠦ ᠪᠣᠳᠣᠯᠭ᠎ᠠ ᠶᠢᠨ ᠰᠠᠯᠪᠤᠷᠢ ᠵᠥᠪᠯᠡᠯ ᠦᠨ ᠰᠢᠢᠳᠪᠦᠷᠢ ᠪᠡᠷ ᠮᠣᠩᠭᠣᠯ ᠤᠯᠤᠰ ᠤᠨ ᠠᠷᠠᠳ ᠤᠨ ᠪᠠᠭᠰᠢ ᠳ ∙ ᠲᠡᠮᠦᠷ ᠢᠷᠡᠬᠦ ᠬᠣᠶᠠᠳᠤᠭᠠᠷ ᠰᠠᠷ᠎ᠠ ᠠᠴᠠ ᠡᠬᠢᠯᠡᠨ ᠲᠥᠷᠥ ᠶᠢᠨ ᠠᠯᠪᠠᠨ ᠬᠠᠭᠠᠭᠴᠢᠳ ᠲᠤ ᠮᠣᠩᠭᠣᠯ ᠪᠢᠴᠢᠭ ᠦᠨ ᠬᠢᠴᠢᠶᠡᠯ ᠵᠢᠭᠠᠬᠤ ᠪᠠᠷ ᠪᠣᠯᠤᠯ᠎ᠠ᠃ ᠠᠷᠠᠳ ᠤᠨ ᠪᠠᠭᠰᠢ ᠳ ∙ ᠲᠡᠮᠦᠷ︽ᠮᠣᠩᠭᠣᠯ ᠪᠢᠴᠢᠭ ᠢᠶᠡᠨ 15 ᠬᠣᠨᠣᠭ ᠲᠤ ᠪᠡᠶ᠎ᠡ ᠳᠠᠭᠠᠭᠠᠵᠤ ᠰᠤᠷᠬᠤ ᠠᠩᠬᠠᠨ ᠤ ᠬᠢᠴᠢᠶᠡᠯ ᠦᠳ︾ ᠰᠤᠷᠬᠤ ᠪᠢᠴᠢᠭ ᠢ ᠲᠤᠭᠤᠷᠪᠢᠭᠰᠠᠨ ᠪᠠ ᠲᠥᠷᠥ ᠶᠢᠨ ᠠᠯᠪᠠᠨ ᠬᠠᠭᠠᠭᠴᠢᠳ ᠲᠤ  ᠡᠨᠡ ᠰᠤᠷᠬᠤ ᠪᠢᠴᠢᠭ ᠢ ᠪᠦᠷᠢᠨ ᠡᠵᠡᠮᠰᠢᠵᠦ᠂ ᠰᠤᠷᠤᠯᠴᠠᠬᠤ ᠶᠢ ᠳᠡᠭᠡᠷᠡᠬᠢ ᠰᠢᠢᠳᠪᠦᠷᠢ ᠪᠡᠷ ᠡᠭᠦᠷᠭᠡ ᠪᠣᠯᠭᠠᠭᠰᠠᠨ ᠪᠠᠶᠢᠨ᠎ᠠ᠃
ᠴᠠᠬᠢᠮ ᠢᠶᠠᠷ ᠪᠡᠶ᠎ᠡ ᠳᠠᠭᠠᠭᠠᠵᠤ ᠰᠤᠷᠤᠯᠴᠠᠬᠤ ᠮᠣᠩᠭᠣᠯ ᠪᠢᠴᠢᠭ ᠦᠨ ᠡᠨᠡ ᠬᠢᠴᠢᠶᠡᠯ ᠦᠨ ᠲᠡᠭᠦᠰᠬᠡᠯ ᠳᠦ ᠲᠥᠷᠥ ᠶᠢᠨ ᠠᠯᠪᠠᠨ ᠬᠠᠭᠠᠭᠴᠢᠳ 1200 ᠭᠠᠷᠤᠢ ᠰᠢᠨ᠎ᠡ ᠦᠭᠡ᠂ ᠬᠣᠯᠪᠣᠭ᠎ᠠ ᠦᠭᠡ ᠶᠢ ᠵᠥᠪ ᠪᠢᠴᠢᠵᠦ ᠰᠤᠷᠬᠤ᠂ ᠬᠠᠭᠠᠰ ᠵᠢᠯ ᠲᠤᠲᠤᠮ ᠳᠤ ᠰᠢᠯᠭᠠᠭᠤᠯᠵᠤ᠂ ᠲᠦᠪᠰᠢᠨ ᠢᠶᠡᠨ ᠲᠣᠳᠣᠷᠬᠠᠶᠢᠯᠠᠭᠤᠯᠬᠤ ᠪᠠ ᠢᠩᠭᠢᠭᠰᠡᠨ ᠢᠶᠡᠷ 2025 ᠣᠨ ᠠᠴᠠ ᠬᠣᠣᠰ ᠪᠢᠴᠢᠭ ᠢᠶᠡᠷ ᠲᠥᠷᠥ ᠶᠢᠨ ᠠᠯᠪᠠ ᠶᠢ ᠬᠥᠲᠥᠯᠦᠨ ᠶᠠᠪᠤᠭᠤᠯᠬᠤ ᠴᠢᠳᠠᠪᠤᠷᠢ ᠶᠢ ᠪᠦᠷᠢᠨ ᠡᠵᠡᠮᠰᠢᠬᠦ ᠠᠵᠡᠢ᠃ ᠴᠠᠬᠢᠮ ᠰᠤᠷᠭᠠᠯᠲᠠ ᠳᠤ ᠲᠤᠰ ᠠᠶᠢᠮᠠᠭ ᠤᠨ 15 ᠰᠤᠮᠤ ᠶᠢᠨ 3000 ᠭᠠᠷᠤᠢ ᠲᠥᠷᠥ ᠶᠢᠨ ᠠᠯᠪᠠᠨ ᠬᠠᠭᠠᠭᠴᠢ ᠬᠠᠮᠤᠷᠤᠭᠳᠠᠬᠤ ᠶᠤᠮ᠃

ᠰᠡᠳᠬᠢᠭᠳᠡᠯ ᠦᠯᠡᠳᠡᠭᠡᠬᠦ