ᠡᠮᠦᠨᠡᠭᠣᠪᠢ ᠠᠶᠢᠮᠠᠭ ᠠᠴᠠ ᠲᠥᠷᠥᠨ ᠭᠠᠷᠤᠭᠰᠠᠨ ᠦᠨᠳᠦᠰᠦᠨ ᠦ ᠰᠫᠣᠷᠲ ᠤᠨ ᠠᠯᠳᠠᠷᠲᠠᠳ ᠪᠣᠯᠤᠨ ᠲᠡᠦᠬᠡ ᠶᠢ ᠦᠭᠦᠯᠡᠭᠰᠡᠨ 《ᠡᠮᠦᠨ᠎ᠡ ᠶᠢᠨ ᠭᠣᠪᠢ ᠶᠢᠨ ᠬᠡᠶᠢᠮᠣᠷᠢ》 ᠨᠡᠷ᠎ᠡ ᠲᠡᠢ ᠰᠣᠨᠣᠰᠳᠠᠭ ᠨᠣᠮ ᠤᠨ ᠨᠡᠭᠡᠭᠡᠯᠲᠡ ᠪᠣᠯᠤᠯ᠎ᠠ᠃ ᠤᠭ ᠰᠣᠨᠣᠰᠳᠠᠭ ᠨᠣᠮ ᠳᠤ ᠰᠤᠷ ᠤᠨ ᠬᠠᠷᠪᠤᠭ᠎ᠠ᠂ ᠦᠨᠳᠦᠰᠦᠨ ᠦ ᠪᠥᠬᠡ᠂ ᠮᠣᠷᠢᠨ ᠰᠫᠣᠷᠲ ᠪᠣᠯᠤᠨ ᠱᠠᠭ᠎ᠠ ᠶᠢᠨ ᠬᠠᠷᠪᠤᠭ᠎ᠠ ᠪᠠᠷ ᠤᠯᠤᠰ ᠲᠤ ᠨᠡᠷ᠎ᠡ ᠠᠯᠳᠠᠷ ᠢᠶᠠᠨ ᠴᠤᠤᠷᠢᠶᠠᠲᠤᠭᠤᠯᠤᠭᠰᠠᠨ ᠠᠯᠳᠠᠷᠲᠠᠳ ᠢ ᠮᠥᠩᠬᠡᠯᠡᠭᠰᠡᠨ ᠪᠠᠶᠢᠨ᠎ᠠ᠃
ᠨᠣᠮ ᠳᠤ ᠮᠣᠩᠭᠣᠯ ᠤᠯᠤᠰ ᠤᠨ ᠬᠤᠷᠴᠠ ᠠᠷᠰᠯᠠᠨ ᠭ ∙ᠳ᠋ᠡᠮᠦᠦᠯ ᠦᠨ ᠲᠤᠬᠠᠢ ᠳᠣᠮᠣᠭ ᠶᠠᠷᠢᠶ᠎ᠠ᠂ ᠠᠷᠠᠳ ᠤᠨ ᠬᠤᠪᠢᠰᠬᠠᠯ ᠠᠴᠠ ᠡᠮᠦᠨᠡᠬᠢ ᠦᠶ᠎ᠡ ᠶᠢᠨ ᠬᠦᠴᠦᠲᠡᠨ ᠨᠦᠭᠦᠳ ᠦᠨ ᠲᠤᠬᠠᠢ ᠶᠠᠷᠢᠶ᠎ᠠ ᠵᠡᠷᠭᠡ ᠰᠣᠨᠢᠷᠬᠠᠯᠲᠠᠢ ᠲᠡᠦᠬᠡᠨ ᠪᠠᠷᠢᠮᠲᠠ ᠨᠤᠭᠤᠳ ᠢ ᠪᠠᠭᠲᠠᠭᠠᠭᠰᠠᠨ ᠢᠶᠠᠷ ᠢᠶᠠᠨ ᠣᠨᠴᠠᠯᠢᠭ ᠶᠤᠮ᠃ ᠨᠣᠮ ᠤᠨ ᠨᠡᠭᠡᠭᠡᠯᠲᠡ ᠳᠦ ᠮᠣᠩᠭᠣᠯ ᠤᠨ ᠤᠯᠤᠰ ᠤᠨ ᠠᠪᠤᠷᠭᠤ ᠭ ∙ ᠡᠷᠬᠢᠮᠪᠠᠶᠠᠷ᠂ ᠤᠯᠤᠰ ᠤᠨ ᠨᠠᠴᠢᠨ ᠪ ∙ ᠪᠠᠭᠠᠬᠦᠦ᠂ ᠮᠣᠩᠭᠣᠯ ᠤᠯᠤᠰ ᠤᠨ ᠳᠠᠶᠠᠭᠠᠷ ᠳᠤᠷᠠᠰᠬᠤ ᠮᠡᠷᠭᠡᠨ ᠵ ∙ ᠪᠠᠲᠤᠲᠡᠮᠦᠷ᠂ ᠤᠯᠤᠰ ᠤᠨ ᠮᠡᠷᠭᠡᠨ ᠰ ∙ ᠪᠠᠶᠠᠷᠮ᠎ᠠ ᠵᠡᠷᠭᠡ ᠠᠯᠳᠠᠷᠲᠠᠳ ᠣᠷᠣᠯᠴᠠᠯ᠎ᠠ᠃