︽ᠭᠡᠷᠡᠭᠡ ︾ᠰᠡᠳᠬᠦᠯ ︽ᠨᠢᠦ᠋ ᠶᠣᠷᠺ ᠲᠠᠢᠮᠰ︾ ᠲᠠᠢ ᠬᠠᠮᠲᠤᠷᠠᠭᠰᠠᠨ ᠳ᠋ᠤᠭᠠᠷ  ᠭᠠᠷᠭᠠᠵᠠᠢ | News.MN

︽ᠭᠡᠷᠡᠭᠡ ︾ᠰᠡᠳᠬᠦᠯ ︽ᠨᠢᠦ᠋ ᠶᠣᠷᠺ ᠲᠠᠢᠮᠰ︾ ᠲᠠᠢ ᠬᠠᠮᠲᠤᠷᠠᠭᠰᠠᠨ ᠳ᠋ᠤᠭᠠᠷ  ᠭᠠᠷᠭᠠᠵᠠᠢ

 

︽ᠭᠡᠷᠡᠭᠡ ︾ᠰᠡᠳᠬᠦᠯ ᠳᠡᠯᠡᠬᠡᠢ ᠶ᠋ᠢᠨ ᠰᠢᠯᠢᠳᠡᠭ ᠬᠡᠪᠯᠡᠯ︽ᠨᠢᠦ᠋ ᠶᠣᠷᠺ ᠲᠠᠢᠮᠰ︾ᠲᠠᠢ ᠬᠠᠮᠲᠤᠷᠠᠨ ᠂ ᠣᠯᠠᠨ ᠤᠯᠤᠰ ᠤᠨ ᠲᠦᠪᠰᠢᠨ ᠦ ᠠᠭᠤᠯᠭ᠎ᠠ ᠪᠡᠯᠡᠳᠬᠡᠵᠦ ᠂︽Women Today︾᠂ ︽Turning Point ︾ᠵᠡᠷᠭᠡ ᠣᠨᠴᠠᠯᠠᠬᠤ ᠳ᠋ᠤᠭᠠᠷ ᠤᠳ ᠢ ᠤᠩᠰᠢᠭᠴᠢᠳ ᠤᠨ ᠬᠦᠷᠲᠡᠭᠡᠯ ᠪᠣᠯᠭᠠᠭᠰᠠᠨ᠃ ᠲᠡᠳᠡ ᠡᠨᠡ ᠤᠳᠠᠭ᠎ᠠ ︽The Big Ideas ︾ᠬᠡᠮᠡᠬᠦ ᠭᠠᠳᠠᠭᠠᠳᠤ  ᠳᠣᠲᠣᠭᠠᠳᠤ ᠶ᠋ᠢᠨ ᠰᠢᠯᠢᠳᠡᠭ  ᠨᠡᠢᠲᠡᠯᠡᠯ ᠦᠳ ᠦᠨ ᠲᠣᠪᠴᠢᠶᠠᠨ ᠪᠣᠯᠣᠭᠰᠠᠨ 160 ᠬᠠᠭᠤᠳᠠᠰᠤ ᠪᠦᠬᠦᠢ ᠲᠣᠮᠣᠬᠠᠨ ᠳ᠋ᠤᠭᠠᠷ ᠢ ᠡᠷᠭᠦᠨ ᠪᠠᠷᠢᠵᠤ ᠪᠠᠶᠢᠨ᠎ᠠ ᠃

︽ᠠᠭᠤᠤ ᠰᠠᠨᠠᠭ᠎ᠠ ᠨᠣᠭᠣᠳ ︾ᠬᠡᠮᠡᠬᠦ ᠨᠡᠷ᠎ᠡ ᠲᠠᠢ ᠲᠤᠰ ᠰᠡᠳᠬᠦᠯ ᠳ᠋ᠥ ᠵᠣᠴᠢᠨ ᠨᠡᠢᠲᠡᠯᠡᠯᠴᠢᠳ ᠬᠠᠮᠲᠤᠷᠠᠨ ᠠᠵᠢᠯᠯᠠᠵᠤ ᠂ ᠮᠣᠩᠭᠣᠯ ᠤᠨ ᠨᠡᠶᠢᠭᠡᠮ ᠂ ᠰᠣᠶᠣᠯ ᠤᠨ ᠰᠡᠳᠦᠪ ᠢᠶ᠋ᠡᠷ ᠮᠡᠳᠡᠯᠭᠡ ᠂ ᠲᠤᠷᠰᠢᠯᠭ᠎ᠠ ᠂ ᠰᠤᠳᠤᠯᠭ᠎ᠠ ᠪᠠᠨ ᠠᠭᠤᠳᠠᠯᠤᠨ ᠬᠤᠪᠢᠶᠠᠯᠴᠠᠵᠠᠢ ᠃ ᠰᠢᠨᠡᠬᠡᠨ ᠷᠣᠮᠠᠨ ᠢᠶᠡᠨ ᠬᠡᠪᠯᠡᠭᠦᠯᠦᠭᠡᠳ ᠪᠤᠢ ᠵᠣᠬᠢᠶᠠᠯᠴᠢ ᠂ ᠢᠷᠠᠭᠤ ᠨᠠᠶᠢᠷᠠᠭᠴᠢ ᠯ᠊ · ᠥᠯᠵᠡᠶᠢᠲᠡᠭᠦᠰ ᠦᠨ ᠰᠢᠨ᠎ᠡ ᠶᠠᠷᠢᠯᠴᠠᠯᠭ᠎ᠠ ᠂ ᠭᠣᠸ᠎ᠠ ᠰᠠᠶᠢᠬᠠᠨ ᠭᠡᠵᠦ ᠶᠠᠭᠤ ᠪᠣᠯᠬᠤ ᠲᠤᠬᠠᠢ ᠤᠷᠠᠨ ᠪᠦᠲᠦᠭᠡᠯᠴᠢᠳ ᠦᠨ ᠶᠠᠷᠢᠶ᠎ᠠ ᠂ ᠠᠮᠢᠳᠤᠷᠠᠯ ᠥᠭᠡᠷᠡᠴᠢᠯᠡᠬᠦ ︽ᠰᠢᠳᠢ ᠲᠠᠢ ︾ᠨᠣᠮ ᠤᠳ ᠤᠨ ᠵᠢᠭᠰᠠᠭᠠᠯᠲᠠ ᠪᠣᠯᠣᠨ ᠵᠠᠯᠠᠭᠤᠰ ᠤᠨ ᠬᠢᠲ ︽ ᠸᠠᠨᠳ᠋ᠸᠪᠤ ︾ᠬᠠᠮᠲᠤᠯᠢᠭ ᠤᠨ ᠪᠢᠯᠼ ᠶᠠᠷᠢᠯᠴᠠᠯᠭ᠎ᠠ ᠶ᠋ᠢ ᠤᠩᠰᠢᠬᠤ ᠪᠣᠯᠣᠮᠵᠢᠲᠠᠢ ᠃

ᠰᠡᠳᠬᠢᠭᠳᠡᠯ ᠦᠯᠡᠳᠡᠭᠡᠬᠦ