ᠮᠣᠩᠭᠣᠯ ᠬᠥᠮᠥᠨ ᠢ ᠲᠥᠯᠥᠪᠰᠢᠭᠦᠯᠦᠨ ᠂ ᠲᠤᠯᠬᠤ ᠲᠠᠢ ᠪᠠᠷ ᠰᠠᠶᠢᠬᠠᠨ ᠠᠮᠢᠳᠤᠷᠠᠬᠤ ᠴᠢᠳᠠᠮᠵᠢ ᠲᠠᠢ ᠪᠣᠯᠭᠠᠬᠤ ᠂ ᠪᠣᠯᠪᠠᠰᠤᠷᠠᠯ ᠤᠨ ᠤᠯᠠᠮᠵᠢᠯᠠᠯ ᠡᠴᠠ ᠰᠠᠶᠢᠨ ᠢ ᠨᠢ ᠬᠠᠳᠠᠭᠠᠯᠠᠨ ᠣᠷᠴᠢᠨ ᠴᠠᠭ ᠤᠨ ᠬᠡᠷᠡᠭᠴᠡᠭᠡ ᠂ ᠱᠠᠭᠠᠷᠳᠠᠯᠭ᠎ᠠ ᠰᠣᠷᠢᠯᠲᠠ ᠳᠦ ᠨᠡᠶᠢᠴᠡᠭᠦᠯᠦᠨ ᠬᠥᠭᠵᠢᠯ ᠤᠨ ᠲᠥᠯᠥᠭᠡ ᠬᠠᠮᠲᠤ ᠳ᠋ᠤ ᠪᠠᠨ ᠲᠡᠮᠡᠦᠯᠬᠦ ᠵᠣᠷᠢᠯᠭ᠎ᠠ ᠲᠠᠢ ︽ ᠮᠣᠩᠭᠣᠯ ᠤᠨ ᠪᠣᠯᠪᠠᠰᠤᠷᠠᠯ ᠤᠨ ᠤᠯᠠᠮᠵᠢᠯᠠᠨ ᠰᠢᠨᠡᠴᠢᠯᠡᠭᠳᠡᠬᠦ ᠲᠥᠪ ︾ ᠥᠴᠥᠭᠡᠳᠦᠷ ᠡᠭᠦᠳᠡ ᠪᠡᠨ ᠨᠡᠭᠡᠭᠡᠯ᠎ᠡ ᠃ ᠵᠥᠪ ᠮᠣᠩᠭᠣᠯ ᠬᠥᠮᠥᠨ ᠢ ᠲᠥᠯᠥᠪᠰᠢᠭᠦᠯᠬᠦ ᠶ᠋ᠢᠨ ᠲᠤᠯᠠᠳᠠ ᠰᠤᠷᠭᠠᠭᠤᠯᠢ ᠶ᠋ᠢᠨ ᠡᠮᠦᠨᠡᠬᠢ ᠪᠣᠯᠪᠠᠰᠤᠷᠠᠯ ᠡᠴᠠ ᠡᠬᠢᠯᠡᠨ ᠪᠠᠭ᠎ᠠ ᠂ ᠳᠤᠮᠳᠠ ᠂ ᠠᠬᠠᠯᠠᠬᠤ ᠠᠩᠭᠢ ᠂ ᠶᠡᠬᠡ ᠰᠤᠷᠭᠠᠭᠤᠯᠢ ᠶ᠋ᠢᠨ ᠬᠥᠲᠥᠯᠪᠦᠷᠢ ᠳ᠋ᠦ ᠦᠨ᠎ᠡ ᠴᠡᠨ᠎ᠡ ᠲᠡᠢ ᠠᠭᠤᠯᠭ᠎ᠠ ᠶ᠋ᠢ ᠰᠢᠩᠭᠡᠭᠡᠨ ᠂ ᠭᠣᠶᠢᠳᠠ ᠠᠩᠬᠠᠷᠬᠤ ᠬᠡᠷᠡᠭᠲᠡᠢ ᠤᠴᠢᠷ ᠡᠴᠠ ᠰᠠᠩᠬᠦᠦ ᠡᠳ᠋ ᠤᠨ ᠵᠠᠰᠠᠭ ᠤᠨ ᠶᠡᠬᠡ ᠰᠤᠷᠭᠠᠭᠤᠯᠢ ᠪᠣᠯᠣᠨ ︽ ᠡᠷᠬᠢᠮ ᠪᠠᠶᠠᠨ ᠡᠷᠳᠡᠮ ︾ᠪᠦᠷᠢᠨ ᠳᠤᠮᠳᠠᠳᠤ ᠰᠤᠷᠭᠠᠭᠤᠯᠢ ᠂ ︽ ᠴᠢᠳᠠᠮᠵᠢ ᠳ᠋ᠤ ᠰᠠᠭᠤᠷᠢᠯᠠᠭᠰᠠᠨ ᠱᠠᠲᠤᠯᠠᠭᠰᠠᠨ ᠸᠢᠷᠲ᠋ᠤᠸᠠᠯ ᠨᠡᠭᠡᠭᠡᠯᠲᠡ ᠲᠠᠢ ᠲᠥᠪ ︾ᠵᠡᠷᠭᠡ ᠪᠠᠶᠢᠭᠤᠯᠭ᠎ᠠ ᠬᠠᠮᠲᠤᠷᠠᠨ ᠡᠨᠡ ᠲᠥᠪ ᠢ ᠨᠡᠭᠡᠭᠡᠵᠦ ᠂ ᠨᠡᠷᠡᠮᠵᠢᠲᠦ ᠲᠠᠩᠬᠢᠮ ᠲᠠᠢ ᠪᠣᠯᠭᠠᠵᠤ ᠪᠤᠢ ᠶᠤᠮ ᠃
︽ ᠮᠣᠩᠭᠣᠯ ᠤᠨ ᠪᠣᠯᠪᠠᠰᠤᠷᠠᠯ ᠤᠨ ᠤᠯᠠᠮᠵᠢᠯᠠᠨ ᠂ ᠰᠢᠨᠡᠴᠢᠯᠡᠭᠳᠡᠬᠦ ᠲᠥᠪ ︾ ᠤᠨ ᠭᠦᠢᠴᠡᠳᠬᠡᠬᠦ ᠵᠠᠬᠢᠷᠤᠯ ᠳ᠋᠊ · ᠪᠠᠲᠤᠵᠢᠷᠭᠠᠯ ᠦᠢᠯᠡ ᠠᠵᠢᠯᠯᠠᠭ᠎ᠠ ᠶ᠋ᠢ ᠨᠡᠭᠡᠭᠡᠵᠦ ᠦᠭᠡ ᠬᠡᠯᠡᠬᠦ ᠳ᠋ᠦ ᠪᠡᠨ᠄ ᠮᠣᠩᠭᠣᠯ ᠬᠥᠮᠥᠨ ᠰᠠᠶᠢᠬᠠᠨ ᠠᠮᠢᠳᠤᠷᠠᠬᠤ ᠰᠠᠭᠤᠷᠢ ᠨᠢ ᠰᠤᠷᠭᠠᠭᠤᠯᠢ ᠶ᠋ᠢᠨ ᠡᠮᠦᠨᠡᠬᠢ ᠪᠣᠯᠣᠨ ᠪᠠᠭ᠎ᠠ ᠪᠣᠯᠪᠠᠰᠤᠷᠠᠯ ᠢ ᠶᠣᠰᠣ ᠵᠢᠷᠤᠮ ᠲᠠᠢ ᠪᠣᠯᠭᠠᠬᠤ ᠂ ᠳᠤᠮᠳᠠ ᠠᠩᠭᠢ ᠳᠦ ᠶᠣᠰᠣ ᠵᠤᠳᠠᠭ ᠲᠠᠢ ᠂ ᠠᠬᠠᠯᠠᠬᠤ ᠠᠩᠭᠢ ᠳᠦ ᠶᠣᠰᠣ ᠵᠦᠢ ᠲᠠᠢ ᠪᠣᠯᠭᠠᠬᠤ ᠵᠠᠷᠴᠢᠮ ᠳᠡᠭᠡᠷ᠎ᠡ ᠰᠠᠭᠤᠷᠢᠯᠠᠨ᠎ᠠ ᠬᠡᠮᠡᠨ ᠣᠨᠴᠠᠯᠠᠯ᠎ᠠ ᠃ ᠰᠣᠶᠣᠯ ᠤᠨ ᠶᠠᠮᠤᠨ ᠢ ᠲᠥᠯᠥᠭᠡᠯᠡᠨ ᠨᠡᠭᠡᠭᠡᠯᠲᠡ ᠳ᠋ᠦ ᠣᠷᠣᠯᠴᠠᠭᠰᠠᠨ ᠤᠷᠠᠯᠢᠭ ᠤᠷᠠᠨ ᠪᠦᠲᠦᠭᠡᠯ ᠤᠨ ᠭᠠᠵᠠᠷ ᠤᠨ ᠳᠠᠷᠤᠭ᠎ᠠ ᠪ᠊ · ᠰᠡᠷᠭᠦᠯᠡᠩ᠄ ᠮᠣᠩᠭᠣᠯ ᠬᠥᠮᠥᠨ ᠤ ᠦᠨᠡᠯᠡᠮᠵᠢ ᠂ ᠦᠨ᠎ᠡ ᠴᠡᠨ᠎ᠡ ᠶ᠋ᠢ ᠥᠰᠬᠡᠬᠦ ᠭᠡᠵᠦ ᠣᠶᠤᠨ ᠤᠬᠠᠭᠠᠨ ᠢᠶᠡᠨ ᠤᠷᠤᠯᠳᠤᠭᠤᠯᠵᠤ ᠪᠠᠶᠢᠭ᠎ᠠ ᠲᠠ ᠪᠦᠬᠦᠨ ᠳ᠋ᠥ ᠪᠠᠶᠠᠷᠯᠠᠯ᠎ᠠ ᠃ ᠮᠠᠨ ᠤ ᠶᠠᠮᠤᠨ ᠤ ᠴᠢᠭᠯᠡᠯ ᠭᠣᠣᠯ ᠵᠣᠷᠢᠯᠭ᠎ᠠ ᠳᠤ ᠪᠠᠭᠲᠠᠵᠤ ᠪᠠᠶᠢᠭ᠎ᠠ ᠰᠣᠶᠣᠨ ᠭᠡᠭᠡᠷᠡᠯ ᠂ ᠤᠷᠠᠯᠢᠭ ᠤᠨ ᠪᠣᠯᠪᠠᠰᠤᠷᠠᠯ ᠢ ᠬᠥᠬᠢᠭᠦᠯᠦᠨ ᠳᠡᠮᠵᠢᠵᠦ ᠂ ᠵᠥᠪ ᠬᠥᠮᠥᠨ ᠪᠤᠢ ᠪᠣᠯᠭᠠᠬᠤ ᠶ᠋ᠢ ᠬᠠᠮᠲᠤᠳᠬᠠᠨ ᠳᠡᠮᠵᠢᠭᠰᠡᠨ ᠲᠥᠪ ᠢ ᠨᠡᠭᠡᠭᠡᠵᠦ ᠪᠠᠶᠢᠭ᠎ᠠ ᠳ᠋ᠤ ᠪᠠᠶᠠᠷ ᠬᠦᠷᠭᠡᠶ᠎ᠡ ᠃ ᠤᠷᠠᠯᠢᠭ ᠤᠨ ᠪᠣᠯᠪᠠᠰᠤᠷᠠᠯ ᠲᠠᠢ ᠪᠣᠯᠣᠭᠰᠠᠨ ᠢᠶᠠᠷ ᠰᠠᠭᠤᠷᠢ ᠪᠣᠯᠪᠠᠰᠤᠷᠠᠯ ᠳ᠋ᠤ ᠪᠠᠨ ᠢᠯᠡᠭᠦᠦ ᠰᠢᠮᠳᠠᠵᠤ ᠂ ᠮᠠᠰᠢ ᠪᠣᠭᠣᠨᠢ ᠬᠤᠭᠤᠴᠠᠭᠠᠨ ᠳᠤ ᠮᠡᠳᠡᠯᠭᠡ ᠂ ᠴᠢᠳᠠᠪᠤᠷᠢ ᠪᠠᠨ ᠠᠬᠢᠭᠤᠯᠬᠤ ᠬᠥᠰᠢᠭᠦᠷᠭᠡ ᠪᠣᠯᠳᠠᠭ ᠣᠨᠴᠠᠯᠢᠭ ᠲᠠᠢ ᠃ ᠵᠥᠪ ᠵᠠᠮ ᠢᠶᠠᠷ ᠂ ᠨᠢᠭᠡ ᠴᠢᠭ ᠲᠠᠢ ᠂ ᠨᠢᠭᠡᠳᠦᠭᠰᠡᠨ ᠪᠣᠳᠣᠯᠭ᠎ᠠ ᠲᠠᠢ ᠶᠠᠪᠤᠭ᠎ᠠ ᠤᠴᠢᠷ ᠡᠴᠠ ᠡᠨᠡ ᠲᠥᠪ ᠤᠨ ᠦᠢᠯᠡ ᠠᠵᠢᠯᠯᠠᠭ᠎ᠠ ᠮᠣᠩᠭᠣᠯ ᠤᠨ ᠪᠣᠯᠪᠠᠰᠤᠷᠠᠯ ᠤᠨ ᠰᠢᠰᠲ᠋ᠧᠮ ᠳ᠋ᠥ ᠭᠦᠦᠷ ᠪᠣᠯᠵᠤ ᠂ ᠳᠡᠯᠡᠬᠡᠢ ᠶ᠋ᠢᠨ ᠥᠨᠴᠥᠭ ᠪᠤᠯᠤᠩ ᠪᠦᠷᠢ ᠳ᠋ᠥ ᠬᠦᠷᠦᠨ᠎ᠡ ᠭᠡᠳᠡᠭ ᠲᠥ ᠢᠲᠡᠭᠡᠵᠦ ᠪᠠᠶᠢᠨ᠎ᠠ ᠭᠡᠰᠡᠨ ᠶᠤᠮ ᠃