ᠰᠢᠯᠢᠳᠡᠭ ᠵᠢᠷᠭᠤᠭᠠᠨ ᠦᠰᠦᠭᠯᠡᠭᠴᠢ ᠲᠣᠳᠣᠷᠠᠯ᠎ᠠ | News.MN

ᠰᠢᠯᠢᠳᠡᠭ ᠵᠢᠷᠭᠤᠭᠠᠨ ᠦᠰᠦᠭᠯᠡᠭᠴᠢ ᠲᠣᠳᠣᠷᠠᠯ᠎ᠠ

 

︽ ᠦᠨᠳᠦᠰᠦᠨ ᠤ ᠦᠰᠦᠭᠯᠡᠯ ᠦᠨ ᠠᠪᠤᠷᠭᠤ  2021 ︾ ᠴᠡᠩᠭᠡᠭᠦᠨ ᠦ ᠬᠠᠭᠠᠰ ᠰᠢᠭᠰᠢᠭᠡ  ᠶᠢᠨ ᠳ᠋ᠤᠭᠠᠷ ᠦᠵᠡᠭᠴᠢᠳ ᠲᠦ ᠬᠦᠷᠴᠦ ᠂ ᠡ᠊·ᠠᠮᠢᠨᠵᠢᠷᠭᠠᠯ ᠂ ᠪ᠊ ·ᠡᠩᠬᠡᠲᠤᠤᠯᠠ ᠂ ᠡ᠊ · ᠪᠤᠶᠠᠨᠬᠡᠰᠢᠭ ᠂ ᠠ᠊ · ᠠᠩᠭᠠᠷᠠᠭ ᠂ ᠡ᠊ · ᠡᠩᠬᠡ  ᠣᠷᠴᠢᠯᠠᠩ ᠂ ᠨ᠊ · ᠭᠡᠭᠡᠨᠪᠢᠯᠢᠭ ᠠᠪᠢᠶᠠᠰ ᠴᠢᠳᠠᠪᠤᠷᠢ ᠂ ᠠᠪᠬᠠᠯᠵᠢ ᠰᠠᠮᠪᠠᠭ᠎ᠠ ᠂ ᠮᠣᠩᠭᠣᠯ ᠬᠡᠯᠡᠨ ᠤ ᠮᠡᠳᠡᠯᠭᠡ ᠪᠡᠷ ᠢᠶ᠋ᠡᠨ ᠪᠤᠰᠤᠳ ᠡᠴᠠ ᠢᠯᠭᠠᠷᠠᠵᠤ ᠂ ᠰᠢᠯᠢᠳᠡᠭ ᠭᠡᠳᠡᠭ ᠢᠶ᠋ᠡᠨ ᠪᠠᠲᠤᠯᠠᠨ ᠬᠠᠷᠢᠭᠤᠯᠪᠠ ᠃

ᠨᠡᠶᠢᠲᠡ ᠨᠠᠢᠮᠠᠨ ᠳ᠋ᠤᠭᠠᠷ ᠤᠨ ᠲᠤᠷᠰᠢ ᠮᠣᠩᠭᠣᠯ ᠬᠡᠯᠡᠨ ᠤ ᠦᠭᠡᠰ ᠤᠨ ᠰᠠᠩ ᠢᠶᠠᠷ ᠦᠵᠡᠭᠴᠢᠳ ᠢ  ᠠᠶᠠᠯᠠᠭᠤᠯᠤᠭᠰᠠᠨ ᠣᠷᠣᠯᠴᠠᠭᠴᠢᠳ ᠤᠨ ᠤᠷ᠎ᠠ ᠴᠢᠳᠠᠪᠤᠷᠢ ᠂ ᠬᠢᠴᠢᠶᠡᠯ ᠵᠢᠳᠬᠦᠯ ᠲᠤᠩ ᠪᠠᠬᠠᠷᠬᠠᠮ᠎ᠠ ᠪᠠᠶᠢᠭᠰᠠᠨ ᠢ ᠣᠨᠴᠠᠯᠠᠬᠤ ᠨᠢ ᠵᠦᠢᠲᠡᠢ ᠃ ᠬᠥᠮᠥᠨ ᠪᠦᠷᠢ ᠵᠥᠪ ᠪᠢᠴᠢᠭ ᠤᠨ ᠳᠦᠷᠢᠮ ᠢᠶ᠋ᠡᠨ ᠡᠷᠭᠢᠨ ᠬᠠᠷᠠᠬᠤ ᠳᠤ ᠲᠣᠮᠣᠬᠠᠨ ᠨᠥᠯᠥᠭᠡ ᠦᠵᠡᠭᠦᠯᠦᠭᠰᠡᠨ ᠭᠣᠣᠯ ᠬᠥᠮᠥᠰ ᠪᠣᠯ ᠲᠡᠳᠡᠭᠡᠷ ᠦᠰᠦᠭᠯᠡᠭᠴᠢ ᠶᠤᠮ ᠃

ᠰᠢᠯᠢᠳᠡᠭ ᠵᠢᠷᠭᠤᠭ᠎ᠠ ᠶᠢᠨ ᠨᠢᠭᠡ ᠡ᠊ · ᠪᠤᠶᠠᠨᠬᠡᠰᠢᠭ ᠭᠣᠪᠢ ᠰᠦᠮᠪᠦᠷ ᠠᠶᠢᠮᠠᠭ ᠡᠴᠠ ᠂ ᠪᠤᠰᠤᠳ ᠨᠢ ᠤᠯᠠᠭᠠᠨᠪᠠᠭᠠᠲᠤᠷ ᠬᠣᠲᠠ ᠡᠴᠠ ᠣᠷᠣᠯᠴᠠᠵᠤ ᠪᠠᠶᠢᠨ᠎ᠠ ᠃ ᠡᠨᠡ ᠥᠷᠢᠰᠦᠯᠳᠦᠭᠡᠨ ᠡᠴᠡ ᠵᠥᠪᠬᠡᠨ ᠨᠢᠭᠡ ᠨᠢ ᠦᠨᠳᠦᠰᠦᠨ ᠦ ᠬᠡᠮᠵᠢᠶᠡᠨ ᠤ ᠢᠯᠠᠭᠴᠢ ᠪᠣᠯᠵᠤ 10 ᠰᠠᠶ᠎ᠠ ᠲᠥᠭᠥᠷᠢᠭ ᠤᠨ ᠡᠵᠡᠨ ᠪᠣᠯᠣᠨ᠎ᠠ ᠃

ᠰᠡᠳᠬᠢᠭᠳᠡᠯ ᠦᠯᠡᠳᠡᠭᠡᠬᠦ