ᠰ᠊ · ᠴᠢᠯᠠᠭᠤᠨ ᠰᠠᠶᠢᠳ ︽ᠰᠣᠶᠣᠯ ᠤᠨ ᠡᠯᠴᠢ︾ ᠨᠠᠷ  ᠲᠠᠢ ᠠᠭᠤᠯᠵᠠᠯ᠎ᠠ | News.MN

ᠰ᠊ · ᠴᠢᠯᠠᠭᠤᠨ ᠰᠠᠶᠢᠳ ︽ᠰᠣᠶᠣᠯ ᠤᠨ ᠡᠯᠴᠢ︾ ᠨᠠᠷ  ᠲᠠᠢ ᠠᠭᠤᠯᠵᠠᠯ᠎ᠠ

 

ᠰᠣᠶᠣᠯ ᠤᠨ ᠶᠠᠮᠤᠨ ᠪᠠᠶᠢᠭᠤᠯᠤᠭᠳᠠᠭᠠᠳ ᠤᠳᠠᠭ᠎ᠠ ᠦᠭᠡᠢ ᠴᠦ ᠳᠥᠷᠪᠡᠨ ᠵᠢᠯ  ᠤᠨ ᠦᠢᠯᠡ ᠠᠵᠢᠯᠯᠠᠭᠠᠨ ᠤ ᠬᠥᠲᠥᠯᠪᠦᠷᠢ ᠪᠡᠨ ᠪᠠᠲᠤᠯᠠᠭᠤᠯᠵᠤ ᠂ ᠨᠡᠶᠢᠭᠡᠮ ᠳ᠋ᠥ ᠴᠢᠭᠯᠡᠨ ᠠᠵᠢᠯᠯᠠᠵᠤ ᠪᠠᠶᠢᠨ᠎ᠠ ᠃ ᠰᠣᠶᠣᠨ ᠭᠡᠭᠡᠷᠡᠯ ᠂ ᠤᠷᠠᠯᠢᠭ ᠂ ᠤᠷᠠᠨ ᠪᠦᠲᠦᠭᠡᠯ ᠂ ᠰᠣᠶᠣᠯ ᠤᠨ ᠥᠪ  ᠤᠨ ᠠᠰᠠᠭᠤᠳᠠᠯ ᠢᠶᠠᠷ ᠦᠨᠳᠦᠰᠦᠨ ᠪᠣᠳᠣᠯᠭ᠎ᠠ ᠦᠢᠯᠡ ᠠᠵᠢᠯᠯᠠᠭ᠎ᠠ ᠪᠠᠨ ᠴᠢᠭᠯᠡᠭᠦᠯᠵᠦ ᠪᠠᠶᠢᠭ᠎ᠠ ᠲᠤᠰ ᠶᠠᠮᠤᠨ ᠳᠤ ᠥᠨᠥᠳᠥᠷ ᠮᠣᠩᠭᠣᠯ ᠤᠯᠤᠰ ᠤᠨ ᠰᠣᠶᠣᠯ ᠤᠨ ᠡᠯᠴᠢ ᠨᠠᠷ ᠵᠣᠴᠢᠯᠠᠯ᠎ᠠ ᠃ ᠰᠣᠶᠣᠯ ᠤᠨ ᠰᠠᠶᠢᠳ ᠰ᠊ · ᠴᠢᠯᠠᠭᠤᠨ ᠲᠡᠳᠡᠨ ᠳ᠋ᠥ ᠪᠣᠳᠣᠯᠭ᠎ᠠ ᠂ ᠦᠢᠯᠡ ᠠᠵᠢᠯᠯᠠᠭᠠᠨ ᠤ ᠴᠢᠭᠯᠡᠯ ᠢᠶ᠋ᠡᠨ ᠲᠠᠨᠢᠯᠴᠠᠭᠤᠯᠵᠤ ᠂ ᠡᠬᠡ ᠣᠷᠣᠨ ᠤ ᠪᠠᠨ ᠨᠡᠷ᠎ᠡ ᠶ᠋ᠢ ᠡᠷᠭᠦᠵᠦ ᠶᠠᠪᠤᠭ᠎ᠠ ᠡᠯᠴᠢ ᠨᠠᠷ ᠲᠠᠢ ᠪᠠᠨ ᠬᠠᠮᠲᠤᠷᠠᠨ ᠠᠵᠢᠯᠯᠠᠬᠤ ᠳᠤ ᠪᠡᠯᠡᠨ ᠪᠠᠶᠢᠭ᠎ᠠ ᠪᠠᠨ ᠢᠯᠡᠷᠬᠡᠶᠢᠯᠡᠯ᠎ᠡ ᠃

ᠡᠳᠦᠭᠡ ᠳᠡᠯᠡᠬᠡᠢ ᠶ᠋ᠢᠨ 18 ᠤᠯᠤᠰ ᠲᠤ 57 ᠰᠣᠶᠣᠯ ᠤᠨ ᠡᠯᠴᠢ ᠦᠢᠯᠡ ᠠᠵᠢᠯᠯᠠᠭ᠎ᠠ ᠶᠠᠪᠤᠭᠤᠯᠵᠤ ᠪᠤᠢ ᠃ ᠲᠡᠳᠡᠨ ᠢ ᠲᠥᠯᠥᠭᠡᠯᠡᠨ ᠡᠷᠳᠡᠮᠲᠡᠨ ᠰᠤᠳᠤᠯᠤᠭᠠᠴᠢ ᠴ᠊ · ᠡᠷᠳᠡᠨᠢ ᠂ ᠬᠥᠳᠡᠯᠮᠦᠷᠢ ᠶ᠋ᠢᠨ ᠪᠠᠭᠠᠲᠤᠷ  ᠨ᠊ ·ᠲᠦᠪᠰᠢᠨᠪᠠᠶᠠᠷ ᠂ ᠭᠠᠪᠢᠶᠠᠲᠤ ᠵᠦᠴᠦᠭᠡᠴᠢᠨ  ᠪ᠊ · ᠳᠠᠰᠢᠳᠣᠨᠳᠣᠭ ᠂ ᠲᠡᠭᠦᠯᠳᠡᠷ ᠬᠤᠭᠤᠷᠴᠢ ᠰ᠊ ·  ᠰᠠᠶᠠᠨᠴᠡᠴᠡᠭ ᠂ ᠲᠤᠤᠯᠢᠴᠢ ᠡ᠊ · ᠪᠠᠭᠠᠲᠤᠷᠵᠠᠪ ᠂  ᠬ᠊ · ᠳᠠᠮᠳᠢᠨᠰᠦ᠋ᠷᠤᠩ ᠨᠠᠷ ᠠᠭᠤᠯᠵᠠᠯᠲᠠ ᠳᠤ ᠣᠷᠣᠯᠴᠠᠭᠰᠠᠨ ᠶᠤᠮ ᠃

ᠵᠥᠪ ᠮᠣᠩᠭᠣᠯ ᠬᠥᠮᠥᠨ ᠢ ᠪᠤᠢ ᠪᠣᠯᠭᠠᠬᠤ ᠶ᠋ᠢᠨ ᠲᠥᠯᠥᠭᠡ ᠬᠠᠮᠲᠤᠷᠠᠨ ᠠᠵᠢᠯᠯᠠᠬᠤ ᠤᠷᠲᠤ ᠵᠠᠮ ᠬᠦᠯᠢᠶᠡᠵᠦ ᠪᠤᠢ ᠶ᠋ᠢ ᠴᠦ ᠰᠠᠶᠢᠳ ᠰ᠊ · ᠴᠢᠯᠠᠭᠤᠨ ᠬᠡᠯᠡᠭᠰᠡᠨ ᠶᠤᠮ ᠃ ᠬᠠᠷᠢᠨ ᠡᠷᠳᠡᠮᠲᠡᠨ ᠂ ᠰᠤᠳᠤᠯᠤᠭᠠᠴᠢ ᠴ᠊ · ᠡᠷᠳᠡᠨᠢ ᠤᠷᠠᠯᠢᠭ ᠤᠷᠠᠨ ᠰᠠᠶᠢᠬᠠᠨ ᠤ ᠰᠣᠶᠣᠯ ᠡᠴᠠ ᠭᠠᠳᠠᠨ᠎ᠠ ᠂ ᠣᠶᠤᠨ ᠰᠠᠨᠠᠭᠠᠨ ᠤ ᠰᠣᠶᠣᠯ ᠮᠠᠰᠢ ᠴᠢᠬᠤᠯᠠ ᠶ᠋ᠢ ᠣᠨᠴᠠᠯᠠᠭᠠᠳ ᠡᠩ ᠲᠡᠩᠴᠡᠭᠦᠦ ᠠᠩᠬᠠᠷᠴᠤ ᠠᠵᠢᠯᠯᠠᠬᠤ ᠶ᠋ᠢ ᠰᠠᠨᠠᠭᠤᠯᠤᠯ᠎ᠠ ᠃ ᠰᠣᠶᠣᠯ ᠤᠨ ᠶᠠᠮᠤᠨ ᠤ ᠬᠤᠪᠢ ᠳᠤ ᠴᠦ ᠡᠨᠡ ᠴᠢᠭᠯᠡᠯ ᠳ᠋ᠥ ᠠᠩᠬᠠᠷᠴᠤ ᠠᠵᠢᠯᠯᠠᠬᠤ ᠶ᠋ᠢᠨ ᠲᠤᠯᠠᠳᠠ ᠰᠣᠶᠣᠯ ᠂ ᠭᠡᠭᠡᠷᠡᠯ  ᠤᠨ ᠠᠯᠪᠠ ᠶ᠋ᠢ ᠪᠠᠶᠢᠭᠤᠯᠵᠤ ᠂ ᠣᠯᠠᠨ ᠲᠥᠷᠥᠯ ᠤᠨ ᠬᠥᠲᠥᠯᠪᠦᠷᠢ ᠬᠡᠷᠡᠭᠵᠢᠭᠦᠯᠬᠦ ᠪᠡᠷ ᠲᠥᠯᠥᠪᠯᠡᠭᠡᠳ ᠪᠠᠢᠭ᠎ᠠ ᠶᠤᠮ ᠪᠠᠶᠢᠨ᠎ᠠ ᠃

ᠰᠡᠳᠬᠢᠭᠳᠡᠯ ᠦᠯᠡᠳᠡᠭᠡᠬᠦ