ᠮᠣᠩᠭᠣᠯ ᠤᠨ ᠪᠢᠴᠢᠬᠠᠨ ᠤᠷᠠᠨ ᠨᠤᠭᠤᠷᠠᠭᠠᠴᠢᠳ ᠮᠥᠩᠭᠥᠨ ᠴᠣᠮᠣ ᠬᠦᠷᠲᠡᠵᠡᠢ  | News.MN

ᠮᠣᠩᠭᠣᠯ ᠤᠨ ᠪᠢᠴᠢᠬᠠᠨ ᠤᠷᠠᠨ ᠨᠤᠭᠤᠷᠠᠭᠠᠴᠢᠳ ᠮᠥᠩᠭᠥᠨ ᠴᠣᠮᠣ ᠬᠦᠷᠲᠡᠵᠡᠢ 

 

ᠣᠷᠣᠰ  ᠲᠤ ᠣᠨᠯᠠᠶᠢᠨ ᠢᠶᠠᠷ ᠵᠣᠬᠢᠶᠠᠨ ᠪᠠᠶᠢᠭᠤᠯᠤᠭᠳᠠᠭᠰᠠᠨ ᠲᠡᠮᠡᠴᠡᠭᠡᠨ ᠳᠦ ᠳᠡᠯᠡᠬᠡᠢ ᠶᠢᠨ 19 ᠣᠷᠣᠨ ᠤ 200 ᠭᠠᠷᠤᠢ ᠥᠰᠪᠦᠷᠢ ᠨᠠᠰᠤᠨ ᠤ ᠼᠢᠷᠺ ᠦᠨ ᠵᠦᠴᠦᠭᠡᠴᠢᠨ 60 ᠰᠢᠯᠢᠳᠡᠭ ᠦᠵᠡᠭᠦᠯᠪᠦᠷᠢ ᠪᠡᠷ ᠥᠷᠢᠰᠦᠯᠳᠦᠭᠰᠡᠨ ᠪᠠᠶᠢᠨ᠎ᠠ᠃ ᠮᠣᠩᠭᠣᠯ ᠤᠯᠤᠰ ᠢᠶᠠᠨ ᠲᠥᠯᠥᠭᠡᠯᠡᠨ ᠣᠷᠣᠯᠴᠠᠭᠰᠠᠨ《ᠢᠺᠰ ᠷᠣᠦᠽᠢᠰ》ᠤᠷᠠᠨ ᠨᠤᠭᠤᠷᠠᠯᠲᠠ ᠶᠢᠨ ᠲᠥᠪ ᠦᠨ 8-11 ᠨᠠᠰᠤᠨ ᠤ ᠤᠷᠠᠨ ᠨᠤᠭᠤᠷᠠᠭᠠᠴᠢᠳ ᠠᠩᠬ᠎ᠠ ᠤᠳᠠᠭ᠎ᠠ ᠣᠯᠠᠨ ᠤᠯᠤᠰ ᠤᠨ ᠲᠡᠮᠡᠴᠡᠭᠡᠨ ᠳᠦ ᠣᠷᠣᠯᠴᠠᠵᠤ᠂ 《ᠲᠩᠷᠢ ᠶᠢᠨ ᠴᠡᠴᠡᠭᠡᠰ》 ᠤᠷᠠᠨ ᠨᠤᠭᠤᠷᠠᠯᠲᠠ ᠶᠢᠨ ᠦᠵᠡᠭᠦᠯᠪᠦᠷᠢ ᠪᠡᠨ ᠰᠣᠨᠢᠷᠬᠠᠭᠤᠯᠵᠤ᠂ ᠮᠥᠩᠭᠥᠨ ᠴᠣᠮᠣ ᠬᠦᠷᠲᠡᠭᠰᠡᠨ ᠲᠠᠯ᠎ᠠ ᠪᠠᠷ ᠤᠷᠠᠨ ᠪᠦᠲᠦᠭᠡᠯᠴᠢᠳ  ᠳᠤᠭᠤᠯᠭᠠᠯ᠎ᠠ᠃
ᠮᠣᠩᠭᠣᠯ ᠤᠨ ᠮᠡᠷᠭᠡᠵᠢᠯ ᠦᠨ ᠼᠢᠷᠺᠴᠢᠳ ᠦᠨ ᠨᠢᠭᠡᠳᠦᠭᠰᠡᠨ ᠬᠣᠯᠪᠣᠭᠠᠨ ᠤ ᠳᠡᠳ᠋ ᠶᠡᠷᠦᠩᠬᠡᠦᠶᠢᠯᠡᠭᠴᠢ ᠲ∙ᠪᠤᠳᠠ ᠄ᠣᠷᠣᠰ ᠤᠨ ᠰᠤᠶᠤᠯ ᠤᠨ ᠶᠠᠮᠤᠨ ᠠᠴᠠ ᠣᠯᠠᠨ ᠤᠯᠤᠰ ᠤᠨ ᠥᠰᠪᠦᠷᠢ ᠶᠢᠨ ᠼᠢᠷᠺᠴᠢᠳ ᠦᠨ ᠲᠡᠮᠡᠴᠡᠭᠡᠨ ᠢ ᠡᠨᠡ ᠵᠢᠯ ᠠᠷᠪᠠᠨ ᠨᠢᠭᠡᠳᠦᠭᠡᠷ ᠰᠠᠷ᠎ᠠ ᠶᠢᠨ 27- 30 ᠍ ᠤ ᠡᠳᠦᠷ ᠦᠳ ᠲᠦ ᠣᠨᠯᠠᠶᠢᠨ ᠢᠶᠠᠷ ᠵᠣᠬᠢᠶᠠᠨ ᠪᠠᠶᠢᠭᠤᠯᠤᠭᠰᠠᠨ᠃ ᠡᠨᠡ ᠲᠡᠮᠡᠴᠡᠭᠡᠨ ᠳᠦ ᠳᠡᠯᠡᠬᠡᠢ ᠶᠢᠨ 19 ᠣᠷᠣᠨ ᠤ ᠼᠢᠷᠺ ᠦᠨ 200 ᠭᠠᠷᠤᠢ ᠥᠰᠪᠦᠷᠢ ᠨᠠᠰᠤᠨ ᠤ ᠵᠦᠴᠦᠭᠡᠴᠢᠨ 60 ᠰᠢᠯᠢᠳᠡᠭ ᠦᠵᠡᠭᠦᠯᠪᠦᠷᠢ ᠪᠡᠷ ᠥᠷᠢᠰᠦᠯᠳᠦᠯ᠎ᠡ᠃ ᠲᠡᠮᠡᠴᠡᠭᠡᠨ ᠢ ᠣᠯᠠᠨ ᠤᠯᠤᠰ ᠤᠨ 26 ᠮᠡᠷᠭᠡᠵᠢᠯ ᠦᠨ ᠰᠢᠭᠦᠭᠴᠢ ᠰᠢᠭᠦᠵᠦ ᠠᠵᠢᠯᠯᠠᠭᠰᠠᠨ᠃ ᠮᠣᠩᠭᠣᠯ ᠤᠨ ᠪᠢᠴᠢᠬᠠᠨ ᠤᠷᠠᠨ ᠨᠤᠭᠤᠷᠠᠭᠠᠴᠢᠳ ᠤᠨ ᠬᠤᠪᠢ ᠳᠤ ᠠᠩᠬᠠᠨ ᠤ ᠣᠯᠠᠨ ᠤᠯᠤᠰ ᠤᠨ ᠲᠡᠮᠡᠴᠡᠭᠡᠨ ᠳᠦ ᠪᠡᠨ ᠠᠮᠵᠢᠯᠲᠠᠲᠠᠢ ᠣᠷᠣᠯᠴᠠᠵᠤ᠂ ᠮᠥᠩᠭᠥᠨ ᠴᠣᠮᠣ ᠬᠦᠷᠲᠡᠯ᠎ᠡ᠃ ᠠᠯᠲᠠᠨ ᠴᠣᠮᠣ ᠶᠢ ᠬᠢᠲᠠᠳ ᠤᠨ ᠤᠷᠠᠨ ᠨᠤᠭᠤᠷᠠᠭᠠᠴᠢᠳ ᠬᠦᠷᠲᠡᠭᠰᠡᠨ ᠭᠡᠪᠡ᠃

ᠰᠡᠳᠬᠢᠭᠳᠡᠯ ᠦᠯᠡᠳᠡᠭᠡᠬᠦ