The Hu ᠤᠨ ᠰᠢᠨ᠎ᠡ ᠪᠦᠲᠦᠭᠡᠯ ᠨᠢᠭᠡ ᠰᠠᠶ᠎ᠠ ᠬᠠᠨᠳᠤᠯᠲᠠ ᠠᠪᠴᠠᠢ  | News.MN

The Hu ᠤᠨ ᠰᠢᠨ᠎ᠡ ᠪᠦᠲᠦᠭᠡᠯ ᠨᠢᠭᠡ ᠰᠠᠶ᠎ᠠ ᠬᠠᠨᠳᠤᠯᠲᠠ ᠠᠪᠴᠠᠢ 

 

The Hu ᠬᠠᠮᠲᠤᠯᠢᠭ ᠤᠨ ᠰᠢᠨ᠎ᠡ ᠤᠷᠠᠨ ᠪᠦᠲᠦᠭᠡᠯ ᠥᠩᠭᠡᠷᠡᠭᠰᠡᠨ ᠪᠠᠰᠠᠩ ᠭᠠᠷᠠᠭ ᠲᠤ Youtube ᠬᠠᠭᠤᠳᠠᠰᠤᠨ ᠳᠡᠭᠡᠷ᠎ᠡ ᠰᠠᠴᠤᠭᠳᠠᠭᠰᠠᠨ ᠪᠢᠯᠡ᠃ ᠲᠡᠳᠡᠨ ᠦ ᠰᠢᠨ᠎ᠡ ᠤᠷᠠᠨ ᠪᠦᠲᠦᠭᠡᠯ ᠪᠣᠯᠬᠤ Sad But True ᠳᠣᠯᠣᠭ᠎ᠠ ᠬᠣᠨᠣᠭ ᠤᠨ ᠬᠤᠭᠤᠴᠠᠭᠠᠨ ᠳᠤ ᠨᠢᠭᠡ ᠰᠠᠶ᠎ᠠ ᠬᠠᠨᠳᠤᠯᠲᠠ ᠠᠪᠴᠠᠢ᠃
ᠤᠭ ᠤᠷᠠᠨ ᠪᠦᠲᠦᠭᠡᠯ ᠨᠢ ᠠᠯᠳᠠᠷᠲᠤ 《ᠮᠧᠲ᠋ᠠᠯᠢᠺᠠ》ᠬᠠᠮᠲᠤᠯᠢᠭ ᠤᠨ 1992 ᠣᠨ ᠳᠤ ᠠᠩᠬ᠎ᠠ ᠭᠠᠷᠭᠠᠭᠰᠠᠨ Sad but True ᠪᠤᠶᠤ 《ᠭᠤᠨᠢᠭ ᠲᠠᠢ ᠴᠤ ᠦᠨᠡᠨ》 ᠳᠠᠭᠤᠤ ᠶᠢ ᠮᠣᠩᠭᠣᠯ ᠬᠡᠯᠡ ᠪᠡᠷ ᠳᠠᠭᠤᠯᠠᠭᠰᠠᠨ ᠢᠶᠠᠷ ᠢᠶᠠᠨ ᠣᠨᠴᠠᠯᠢᠭ᠃ ᠳᠠᠭᠤᠨ ᠤ ᠺᠯᠢᠫ ᠲᠤ ᠬᠦᠮᠦᠨ ᠦ ᠰᠢᠨᠤᠯ ᠬᠦᠰᠡᠯ᠂ ᠪᠠᠶᠢᠭᠠᠯᠢ ᠡᠬᠡ ᠶᠢᠨ ᠰᠦᠷᠳᠡᠮ᠎ᠡ ᠬᠦᠴᠦᠷᠬᠡᠭ ᠪᠠᠶᠢᠳᠠᠯ ᠠᠭᠠᠳ ᠠᠯᠲᠠᠨ ᠠᠴᠠ ᠦᠨᠡᠲᠡᠢ ᠠᠮᠢᠳᠤᠷᠠᠯ᠂ ᠤᠰᠤᠨ ᠤ ᠦᠨ᠎ᠡ ᠴᠡᠨ᠎ᠡ ᠵᠡᠷᠭᠡ ᠣᠯᠠᠨ ᠠᠭᠤᠯᠭ᠎ᠠ ᠪᠠᠭᠲᠠᠵᠠᠢ᠃

ᠰᠡᠳᠬᠢᠭᠳᠡᠯ ᠦᠯᠡᠳᠡᠭᠡᠬᠦ