ᠮᠣᠩᠭᠣᠯᠴᠤᠳ ᠦᠨ ᠪᠠᠷᠢᠮᠲᠠᠲᠤ ᠺᠢᠨᠣ᠋ ᠣᠯᠠᠨ ᠤᠯᠤᠰ ᠲᠤ ᠲᠡᠷᠢᠭᠦᠯᠡᠵᠡᠢ  | News.MN

ᠮᠣᠩᠭᠣᠯᠴᠤᠳ ᠦᠨ ᠪᠠᠷᠢᠮᠲᠠᠲᠤ ᠺᠢᠨᠣ᠋ ᠣᠯᠠᠨ ᠤᠯᠤᠰ ᠲᠤ ᠲᠡᠷᠢᠭᠦᠯᠡᠵᠡᠢ 

ᠣᠯᠠᠨ ᠤᠯᠤᠰ ᠤᠨ ᠪᠠᠷᠢᠮᠲᠠᠲᠤ ᠺᠢᠨᠣᠨ ᠤ ᠬᠠᠮᠤᠭ ᠤᠨ ᠲᠣᠮᠣ ᠨᠠᠭᠠᠳᠤᠮ ᠳᠤ ᠲᠣᠭᠠᠴᠠᠭᠳᠠᠳᠠᠭ ᠠᠮᠰᠲ᠋ᠧᠷᠳᠠᠮ ᠤᠨ IDFA ᠍ ᠦᠨ ᠳᠤᠮᠳᠠ ᠬᠡᠮᠵᠢᠶᠡᠨ ᠦ ᠪᠦᠲᠦᠭᠡᠯ ᠦᠨ ᠠᠩᠭᠢᠯᠠᠯ ᠤᠨ ᠲᠡᠷᠢᠭᠦᠨ ᠱᠠᠩᠨᠠᠯ ᠢ ᠰᠡᠳᠬᠦᠯᠴᠢ᠂ ᠨᠠᠶᠢᠷᠠᠭᠤᠯᠤᠭᠴᠢ ᠯ ∙ ᠨᠤᠮᠢᠨ ᠤ 《ᠬᠦᠷᠳᠦ》 (Wheel) ᠍ ᠳᠦ ᠣᠯᠭᠤᠵᠠᠢ᠃ ᠰᠢᠭᠦᠭᠴᠢᠳ ᠤᠷᠤᠯᠳᠤᠭᠠᠨ ᠤ ᠳ᠋ᠦᠩ ᠲᠠᠨᠢᠯᠴᠠᠭᠤᠯᠬᠤ ᠶᠣᠰᠣᠯᠠᠯ ᠤᠨ ᠦᠶ᠎ᠡ ᠪᠡᠷ᠄ᠡᠨᠡ ᠨᠢ ᠳᠡᠯᠡᠬᠡᠢ ᠶᠢᠨ ᠬᠠᠮᠤᠭ ᠤᠨ ᠲᠠᠨᠢᠭᠳᠠᠭ᠎ᠠ ᠦᠭᠡᠢ ᠭᠠᠵᠠᠷ ᠳᠠᠬᠢ ᠠᠮᠢᠳᠤᠷᠠᠯ ᠤᠨ ᠡᠮᠵᠡᠭ ᠪᠠᠶᠢᠳᠠᠯ ᠤᠨ ᠲᠤᠬᠠᠢ ᠦᠭᠦᠯᠡᠭᠰᠡᠨ ᠪᠦᠲᠦᠭᠡᠯ ᠶᠤᠮ᠃ ᠨᠢᠭᠡ ᠤᠯᠤᠰ ᠤᠨ ᠲᠠᠯᠠᠭᠠᠷᠬᠢ ᠪᠠᠷᠢᠮᠲᠠᠲᠤ ᠥᠭᠦᠯᠡᠮᠵᠢ ᠬᠡᠳᠦᠢ ᠴᠤ ᠭᠠᠭᠴᠠᠭᠠᠷᠳᠠᠯ᠂ ᠨᠡᠶᠢᠭᠡᠮ᠂ ᠡᠳ᠋ ᠍ ᠦᠨ ᠵᠠᠰᠠᠭ ᠤᠨ ᠰᠢᠳᠤᠷᠭᠤ ᠪᠤᠰᠤ ᠪᠠᠶᠢᠳᠠᠯ ᠤᠨ ᠲᠤᠬᠠᠢ ᠬᠦᠮᠦᠨ ᠲᠥᠷᠥᠯᠬᠢᠲᠡᠨ ᠦ ᠨᠡᠶᠢᠲᠡᠯᠢᠭ ᠠᠰᠠᠭᠤᠳᠠᠯ ᠢ ᠬᠥᠨᠳᠡᠨ ᠭᠠᠷᠭᠠᠵᠠᠢ ᠬᠡᠮᠡᠨ ᠣᠨᠴᠠᠯᠠᠭᠰᠠᠨ ᠪᠠᠶᠢᠨ᠎ᠠ᠃  ᠡᠨᠡ ᠲᠤᠬᠠᠢ ᠵᠣᠬᠢᠶᠠᠯᠴᠢ᠂ ᠨᠠᠶᠢᠷᠠᠭᠤᠯᠤᠭᠴᠢ᠂ ᠫᠷᠣᠳᠢᠶᠦ᠋ᠰᠧᠷ ᠢᠶᠠᠷ ᠠᠵᠢᠯᠯᠠᠭᠰᠠᠨ ᠨᠤᠮᠢᠨ᠄ ᠮᠠᠨ ᠤ ᠤᠯᠤᠰ ᠲᠤ ᠠᠮᠢ ᠪᠠᠨ ᠶᠡᠭᠦᠳᠬᠡᠬᠦ ᠦᠵᠡᠭᠳᠡᠯ ᠵᠢᠯ ᠡᠴᠡ ᠵᠢᠯ ᠳᠦ ᠨᠡᠮᠡᠭᠳᠡᠵᠦ ᠪᠠᠶᠢᠭ᠎ᠠ ᠴᠤ ᠲᠥᠷᠥ ᠵᠠᠰᠠᠭ ᠨᠢ ᠴᠤ᠂ ᠢᠷᠭᠡᠳ ᠴᠤ ᠡᠭᠦᠨ ᠳᠦ ᠠᠩᠬᠠᠷᠤᠯ ᠬᠠᠨᠳᠤᠭᠤᠯᠬᠤ ᠦᠭᠡᠢ᠂ ᠪᠠᠶᠢᠬᠤ ᠶᠣᠰᠣᠲᠠᠢ ᠮᠡᠲᠦ ᠬᠠᠨᠳᠤᠳᠠᠭ ᠪᠣᠯᠤᠭᠰᠠᠨ ᠢ ᠰᠢᠭᠦᠮᠵᠢᠯᠡᠯᠲᠡᠢ ᠢᠯᠡᠷᠬᠡᠶᠢᠯᠡᠭᠰᠡᠨ ᠶᠤᠮ᠃ ᠡᠭᠦᠨ ᠢ ᠰᠡᠳᠬᠦᠯᠴᠢ ᠶᠢᠨ ᠦᠵᠡᠯ ᠪᠣᠳᠣᠯ ᠢᠶᠠᠷ᠂ ᠭᠡᠬᠦ ᠳᠦ ᠪᠡᠨ ᠳᠦᠷᠰᠦ ᠲᠡᠢ᠂ ᠵᠢᠷᠤᠭᠯᠠᠯ ᠲᠠᠢ ᠪᠠᠷ ᠦᠵᠡᠭᠦᠯᠬᠦ ᠶᠢ ᠬᠦᠰᠡᠭᠰᠡᠨ ᠶᠤᠮ ᠭᠡᠪᠡ᠃

ᠰᠡᠳᠬᠢᠭᠳᠡᠯ ᠦᠯᠡᠳᠡᠭᠡᠬᠦ