ᠮᠣᠩᠭᠣᠯ ᠤᠯᠤᠰ ᠤᠨ ᠰᠢᠳᠠᠷ ᠰᠠᠶᠢᠳ᠂ ᠤᠯᠤᠰ ᠤᠨ ᠣᠨᠴᠠᠭᠠᠢ ᠺᠣᠮᠢᠰ ᠤᠨ ᠳᠠᠷᠤᠭ᠎ᠠ ᠶᠠ᠊ ∙ ᠰᠤᠳᠤᠪᠠᠭᠠᠲᠤᠷ ᠥᠨᠥᠳᠥᠷ《ᠣᠨᠣᠮᠠ ᠰᠠᠩ》 ᠍ ᠦᠨ ᠡᠷᠳᠡᠮᠲᠡᠨ᠂ ᠰᠤᠳᠤᠯᠤᠭᠠᠴᠢᠳ ᠲᠠᠢ ᠴᠠᠬᠢᠮ ᠢᠶᠠᠷ ᠬᠣᠶᠠᠷ ᠤᠳᠠᠭ᠎ᠠ ᠰᠠᠨᠠᠯ ᠰᠣᠯᠢᠯᠴᠠᠵᠠᠢ᠃ ᠰᠤᠳᠤᠯᠤᠭᠠᠴᠢᠳ ᠣᠳᠣ ᠪᠠᠷ ᠮᠣᠩᠭᠣᠯ ᠤᠯᠤᠰ ᠳᠣᠲᠣᠭᠠᠳᠤ ᠳᠤ ᠪᠠᠨ《 ᠺᠤᠸᠢᠳ᠋-19》 ᠬᠠᠯᠳᠠᠪᠤᠷᠢ ᠶᠢ ᠠᠪᠤᠭᠰᠠᠨ᠂ ᠲᠠᠬᠤᠯ ᠤᠨ ᠣᠯᠠᠨ ᠤᠯᠤᠰ ᠤᠨ ᠰᠤᠳᠤᠯᠭᠠᠨ ᠤ ᠪᠠᠶᠢᠳᠠᠯ᠂ ᠦᠷ᠎ᠡ ᠳ᠋ᠦᠩ᠂ ᠠᠷᠭ᠎ᠠ ᠲᠠᠺᠲ᠋ᠢᠺ᠂ ᠡᠮ᠂ ᠡᠮᠴᠢᠯᠡᠭᠡᠨ ᠦ ᠪᠦᠲᠦᠭᠡᠭᠳᠡᠬᠦᠨ᠂ ᠲᠣᠨᠣᠭ ᠲᠥᠬᠥᠭᠡᠷᠦᠮᠵᠢ ᠵᠡᠷᠭᠡ ᠵᠢᠷᠭᠤᠭᠠᠨ ᠴᠢᠭᠯᠡᠯ ᠦᠨ 180 ᠭᠠᠷᠤᠢ ᠬᠠᠭᠤᠳᠠᠰᠤ ᠠᠷᠭ᠎ᠠ ᠵᠦᠢ ᠶᠢᠨ ᠵᠥᠪᠯᠡᠮᠵᠢ ᠶᠢ ᠴᠠᠬᠢᠮ ᠢᠶᠠᠷ ᠢᠷᠡᠭᠦᠯᠦᠭᠡᠳ ᠪᠤᠢ᠃ ᠴᠠᠬᠢᠮ ᠬᠤᠷᠠᠯ ᠳᠤ ᠶᠠᠫᠣᠨ᠂ ᠪᠦᠭᠦᠳᠡ ᠨᠠᠢᠷᠠᠮᠳᠠᠬᠤ ᠰᠤᠯᠤᠩᠭᠤᠰ ᠤᠯᠤᠰ᠂ ᠠᠦᠢᠰᠲᠷᠠᠯᠢᠶ᠎ᠠ᠂ ᠠᠮᠧᠷᠢᠺᠠ᠂ ᠲᠠᠢᠸᠠᠨ ᠵᠡᠷᠭᠡ ᠤᠯᠤᠰ ᠲᠤ ᠠᠮᠢᠳᠤᠷᠠᠵᠤ᠂ ᠠᠵᠢᠯᠯᠠᠵᠤ ᠪᠠᠶᠢᠭ᠎ᠠ ᠮᠣᠩᠭᠣᠯ ᠡᠷᠳᠡᠮᠲᠡᠳ ᠦᠨ ᠲᠥᠯᠥᠭᠡᠯᠡᠯ ᠣᠷᠣᠯᠴᠠᠵᠠᠢ᠃
ᠬᠤᠷᠠᠯ ᠳᠤ᠄ ᠪᠢᠣᠹᠢᠽᠢᠺᠴᠢ ᠳ ∙ ᠨᠠᠷᠠᠨᠪᠠᠭᠠᠲᠤᠷ᠂ ᠬᠦᠮᠦᠨ ᠦ ᠶᠡᠬᠡ ᠡᠮᠴᠢ ᠳ ∙ ᠨᠠᠷᠠᠨᠵᠢᠷᠭᠠᠯ᠂ ᠬᠦᠮᠦᠨ ᠦ ᠶᠡᠬᠡ ᠡᠮᠴᠢ ᠶᠠ᠊ ∙ ᠳᠠᠭᠪᠠᠳᠣᠷᠵᠢ᠂ ᠮᠣᠯᠧᠺᠤᠯ ᠪᠢᠣᠯᠣᠭᠢᠴᠢ ᠡ᠊ ∙ ᠠᠨᠢᠷ᠂ ᠡᠮ ᠰᠤᠳᠤᠯᠤᠭᠠᠴᠢ ᠪ ∙ ᠳᠡᠯᠭᠡᠷᠪᠠᠲᠤ᠂
ᠬᠦᠮᠦᠨ ᠦ ᠶᠡᠬᠡ ᠡᠮᠴᠢ ᠵ ∙ ᠭᠠᠩᠪᠣᠯᠣᠷ᠂ ᠬᠦᠮᠦᠨ ᠦ ᠶᠡᠬᠡ ᠡᠮᠴᠢ ᠭ ∙ ᠵᠤᠯᠬᠦᠦ᠂ ᠬᠦᠮᠦᠨ ᠦ ᠶᠡᠬᠡ ᠡᠮᠴᠢ ᠮ ∙ ᠠᠯᠲᠠᠨᠬᠦᠦ ᠂ ᠭᠧᠨᠧᠲ᠋ᠢᠭᠴᠢ ᠣ᠊ ∙ ᠤᠳᠤᠭᠡᠷᠡᠯ᠂ᠯᠠᠪᠤᠷᠠᠲ᠋ᠣᠷᠢ ᠶᠢᠨ ᠡᠮᠴᠢ ᠷ ∙ ᠪᠢᠰᠬᠢᠭᠦᠷᠮᠠ ᠵᠡᠷᠭᠡ ᠡᠷᠳᠡᠮᠲᠡᠨ᠂ ᠰᠤᠳᠤᠯᠤᠭᠠᠴᠢ ᠣᠷᠣᠯᠴᠠᠵᠤ ᠰᠠᠨᠠᠯ᠂ ᠵᠥᠪᠯᠡᠮᠵᠢ ᠥᠭᠭᠦᠭᠰᠡᠨ ᠶᠤᠮ᠃