《 ᠠᠯᠲᠠᠨ ᠨᠠᠮᠤᠷ -2020》ᠦᠵᠡᠰᠬᠦᠯᠡᠩ ᠪᠣᠯᠵᠤ ᠪᠠᠶᠢᠨ᠎ᠠ  | News.MN

《 ᠠᠯᠲᠠᠨ ᠨᠠᠮᠤᠷ -2020》ᠦᠵᠡᠰᠬᠦᠯᠡᠩ ᠪᠣᠯᠵᠤ ᠪᠠᠶᠢᠨ᠎ᠠ 

《 ᠪᠠᠢᠭᠠᠯᠢ ᠳᠤ ᠡᠭᠡᠯᠢᠲᠡᠢ ᠮᠤᠩᠭᠤᠯ ᠰᠤᠶᠤᠯ》ᠠᠶᠠᠨ ᠤ ᠬᠦᠷᠢᠶᠡᠨ ᠳᠦ ᠰᠣᠶᠣᠯ ᠤᠨ ᠶᠠᠮᠤᠨ ᠠᠴᠠ ᠬᠠᠮᠲᠤᠷᠠᠨ ᠵᠣᠬᠢᠶᠠᠨ ᠪᠠᠶᠢᠭᠤᠯᠵᠤ ᠪᠤᠢ 《ᠠᠯᠲᠠᠨ ᠨᠠᠮᠤᠷ》ᠰᠤᠳᠤᠯᠪᠤᠷᠢ ᠵᠢᠷᠤᠭ ᠤᠨ ᠦᠵᠡᠰᠬᠦᠯᠡᠩ ᠢ  ᠭᠤᠷᠪᠠᠳᠠᠬᠢ ᠵᠢᠯ ᠳᠦ ᠪᠡᠨ ᠮᠣᠩᠭᠣᠯ ᠤᠨ ᠤᠷᠠᠴᠤᠳ ᠤᠨ ᠡᠪᠯᠡᠯ ᠦᠨ ᠳᠡᠷᠭᠡᠳᠡᠬᠢ B ᠺᠤᠨᠲᠸᠮᠫᠤᠷᠠᠷᠢ  ᠠᠷᠲ ᠭᠠᠯᠸᠷᠸᠢ  ᠳᠤ ᠵᠣᠬᠢᠶᠠᠨ ᠪᠠᠶᠢᠭᠤᠯᠵᠤ ᠪᠠᠶᠢᠨ᠎ᠠ᠃
ᠡᠨᠡ ᠤᠳᠠᠭ᠎ᠠ ᠶᠢᠨ ᠰᠤᠳᠤᠯᠪᠤᠷᠢ ᠵᠢᠷᠤᠭ ᠤᠨ ᠦᠵᠡᠰᠬᠦᠯᠡᠩ ᠳᠦ ᠳ∙ᠭᠤᠩᠭ᠎ᠠ᠂ ᠭ∙ᠳᠤᠨᠪᠤᠷ᠎ᠡ ᠂ ᠨ∙ᠤᠷᠰᠤᠤ ᠵᠡᠷᠭᠡ ᠠᠬᠠᠮᠠᠳ ᠪᠣᠯᠤᠨ ᠵᠠᠯᠠᠭᠤ ᠦᠶ᠎ᠡ ᠶᠢᠨ ᠲᠥᠯᠦᠭᠡᠯᠡᠯ ᠵᠢᠷᠤᠭᠠᠴᠢ ᠨ ∙ ᠭᠦᠨᠴᠢᠨᠰᠦ᠋ᠷᠦᠩ᠂ ᠰ∙ᠮᠥᠩᠬᠡᠪᠠᠭᠠᠲᠤᠷ ᠵᠡᠷᠭᠡ ᠵᠠᠯᠠᠭᠤ ᠤᠷᠠᠨ ᠪᠦᠲᠦᠭᠡᠯᠴᠢᠳ ᠦᠨ ᠬᠠᠮᠲᠤᠷᠠᠭᠰᠠᠨ ᠨᠡᠶᠢᠲᠡ 75 ᠮᠡᠷᠭᠡᠵᠢᠯ ᠦᠨ ᠤᠷᠠᠨ ᠪᠦᠲᠦᠭᠡᠯᠴᠢ ᠶᠢᠨ 170 ᠭᠠᠷᠤᠢ ᠪᠦᠲᠦᠭᠡᠯ ᠴᠤᠭᠯᠠᠭᠰᠠᠨ ᠠᠴᠠ ᠰᠢᠯᠢᠳᠡᠭ 70 ᠣᠷᠴᠢᠮ ᠪᠦᠲᠦᠭᠡᠯ ᠦᠳ ᠳᠡᠯᠭᠡᠭᠳᠡᠵᠦ᠂ ᠰᠢᠯᠢᠳᠡᠭ ᠭᠤᠷᠪᠠᠨ ᠰᠤᠳᠤᠯᠪᠤᠷᠢ ᠵᠢᠷᠤᠭ ᠢ ᠰᠢᠯᠭᠠᠷᠠᠭᠤᠯᠵᠤ ᠰ ∙ ᠪᠠᠽᠠᠷᠪᠠᠨᠢ 《 ᠴᠠᠭᠠᠨ  ᠰᠤᠪᠤᠷᠭ᠎ᠠ》᠂ ᠲ ∙ ᠪᠠᠭᠠᠲᠤᠷᠴᠣᠭᠲᠤ ᠶᠢᠨ 《 ᠪᠤᠳᠤᠨᠴᠢ ᠶᠢᠨ ᠬᠠᠪᠴᠢᠯ》᠂ ᠭ∙ᠰᠸᠷᠠᠤᠳᠤ ᠶᠢᠨ《 ᠤᠯᠢᠶᠠᠰᠤᠲᠠᠢ ᠶᠢᠨ ᠪᠤᠷᠤᠭᠠᠨ》ᠵᠡᠷᠭᠡ ᠪᠦᠲᠦᠭᠡᠯ ᠦᠳ ᠰᠢᠯᠢᠳᠡᠭ ᠢᠶᠡᠷ ᠰᠢᠯᠭᠠᠷᠠᠯ᠎ᠠ᠃  ᠭᠤᠷᠪᠠᠳᠠᠬᠢ ᠵᠢᠯ ᠳᠦ ᠪᠡᠨ ᠵᠣᠬᠢᠶᠠᠭᠳᠠᠵᠤ ᠪᠤᠢ《ᠠᠯᠲᠠᠨ ᠨᠠᠮᠤᠷ 2020》ᠰᠤᠳᠤᠯᠪᠤᠷᠢ ᠵᠢᠷᠤᠭ ᠤᠨ ᠰᠢᠯᠢᠳᠡᠭ ᠪᠦᠲᠦᠭᠡᠯ ᠦᠳ ᠦᠨ ᠦᠵᠡᠰᠬᠦᠯᠡᠩ ᠨᠢ ᠬᠡᠦᠬᠡᠳ ᠵᠠᠯᠠᠭᠤᠰ ᠲᠤ ᠰᠤᠳᠤᠯᠪᠤᠷᠢ ᠵᠢᠷᠤᠭ ᠤᠨ ᠣᠨᠴᠠᠯᠢᠭ ᠢ ᠰᠤᠷᠲᠠᠯᠴᠢᠯᠠᠨ ᠲᠠᠨᠢᠭᠤᠯᠬᠤ ᠵᠠᠯᠠᠭᠤ ᠤᠷᠠᠨ ᠪᠦᠲᠦᠭᠡᠯᠴᠢᠳ ᠦᠨ ᠤᠷ᠎ᠠ ᠴᠢᠳᠠᠪᠤᠷᠢ ᠶᠢ ᠰᠠᠶᠢᠵᠢᠷᠠᠭᠤᠯᠬᠤ᠂ ᠠᠬᠠᠮᠠᠳ ᠦᠶ᠎ᠡ ᠡᠴᠡ ᠪᠡᠨ ᠢᠶᠡᠨ ᠂ ᠴᠢᠨᠠᠭᠰᠢᠯᠠᠭᠠᠳ ᠰᠤᠳᠤᠯᠪᠤᠷᠢ ᠵᠢᠷᠤᠭ ᠢ ᠬᠥᠭᠵᠢᠭᠦᠯᠬᠦ ᠠᠴᠢ ᠬᠣᠯᠪᠣᠭᠳᠠᠯ ᠲᠠᠢ᠃

ᠰᠡᠳᠬᠢᠭᠳᠡᠯ ᠦᠯᠡᠳᠡᠭᠡᠬᠦ