《 ᠤᠷᠤᠭ ᠢᠶᠠᠨ ᠮᠡᠳᠡᠪᠡᠯ ᠤᠯᠤᠰ ᠢᠶᠠᠨ ᠮᠡᠳᠡᠨ᠎ᠡ》ᠤᠷᠤᠯᠳᠤᠭᠠᠨ  ᠵᠤᠬᠢᠶᠠᠯ᠎ᠠ | News.MN

《 ᠤᠷᠤᠭ ᠢᠶᠠᠨ ᠮᠡᠳᠡᠪᠡᠯ ᠤᠯᠤᠰ ᠢᠶᠠᠨ ᠮᠡᠳᠡᠨ᠎ᠡ》ᠤᠷᠤᠯᠳᠤᠭᠠᠨ  ᠵᠤᠬᠢᠶᠠᠯ᠎ᠠ

 

ᠪᠤᠯᠠᠭᠠᠨ ᠠᠶᠢᠮᠠᠭ ᠤᠨ ᠭᠡᠷ ᠪᠦᠯᠢ᠂ ᠬᠡᠦᠬᠡᠳ ᠵᠠᠯᠠᠭᠤᠴᠤᠳ ᠤᠨ ᠬᠥᠭᠵᠢᠯ ᠦᠨ ᠭᠠᠵᠠᠷ ᠤᠭ ᠤᠨ ᠪᠢᠴᠢᠭ ᠬᠥᠲᠥᠯᠬᠦ ᠶᠢᠨ ᠠᠴᠢ ᠲᠤᠰᠠ ᠶᠢ ᠬᠡᠦᠬᠡᠳ ᠪᠠᠭᠠᠴᠤᠳ ᠢᠶᠠᠷ ᠳᠠᠮᠵᠢᠭᠤᠯᠤᠨ ᠡᠴᠢᠭᠡ ᠡᠬᠡᠴᠤᠤᠯ ᠳᠤ ᠣᠶᠢᠯᠠᠭᠠᠭᠤᠯᠬᠤ᠂ ᠭᠡᠷ ᠪᠦᠯᠢ ᠶᠢᠨ 《ᠤᠷᠤᠭ ᠤᠨ ᠮᠣᠳᠣ》 ᠶᠢ ᠪᠦᠲᠦᠭᠡᠬᠦ ᠵᠣᠷᠢᠯᠭ᠎ᠠ ᠪᠠᠷ 《 ᠤᠷᠤᠭ ᠢᠶᠠᠨ ᠮᠡᠳᠡᠪᠡᠯ ᠤᠯᠤᠰ ᠢᠶᠠᠨ ᠮᠡᠳᠡᠨ᠎ᠡ》ᠤᠷᠤᠯᠳᠤᠭᠠᠨ ᠵᠣᠬᠢᠶᠠᠨ ᠪᠠᠶᠢᠭᠤᠯᠤᠯ᠎ᠠ᠃ ᠤᠭ ᠤᠷᠤᠯᠳᠤᠭᠠᠨ ᠳᠤ ᠢᠷᠡᠭᠦᠯᠦᠭᠰᠡᠨ ᠮᠠᠲ᠋ᠧᠷᠢᠶᠠᠯ ᠢ ᠮᠣᠩᠭᠣᠯ ᠤᠯᠤᠰ ᠤᠨ ᠭᠠᠪᠢᠶᠠᠲᠤ ᠪᠠᠭᠰᠢ ᠱ∙ ᠰᠢᠲᠡᠷ ᠠᠬᠠᠯᠠᠭᠴᠢ ᠲᠠᠢ ᠪᠠᠭ ᠳ᠋ᠦᠩᠨᠡᠵᠦ᠂ ᠭᠤᠷᠪᠠᠨᠪᠤᠯᠠᠭ ᠰᠤᠮᠤ ᠶᠢᠨ ᠰᠤᠷᠭᠠᠭᠤᠯᠢ ᠶᠢᠨ ᠮ∙ ᠫᠠᠭᠮᠠᠰᠦ᠋ᠷᠦᠩ ᠪᠠᠭᠰᠢ ᠲᠠᠢ 9 B ᠠᠩᠭᠢ ᠶᠢ ᠲᠡᠷᠢᠭᠦᠨ᠂ ᠬᠤᠲᠤᠭ-ᠥᠨᠳᠥᠷ ᠰᠤᠮᠤ ᠶᠢᠨ ᠨ ∙ ᠪᠣᠯᠣᠷᠮ᠎ᠠ ᠪᠠᠭᠰᠢ ᠲᠠᠢ 9 A ᠠᠩᠭᠢ ᠶᠢ ᠤᠳᠠᠭᠠᠬᠢ ᠪᠠᠶᠢᠷᠢ ᠳᠤ ᠰᠢᠯᠭᠠᠷᠠᠭᠤᠯᠵᠠᠢ᠃
ᠪᠥᠷᠥᠭᠬᠠᠩᠭᠠᠢ᠂ ᠪᠤᠯᠠᠭᠠᠨ᠂ ᠭᠤᠷᠪᠠᠨᠪᠤᠯᠠᠭ ᠵᠡᠷᠭᠡ ᠨᠠᠢ᠌ᠮᠠᠨ ᠰᠤᠮᠤ ᠶᠢᠨ 13 ᠪᠦᠯᠦᠭ ᠦᠨ 279 ᠰᠤᠷᠤᠭᠴᠢ ᠤᠷᠤᠯᠳᠤᠭᠠᠨ ᠳᠤ ᠣᠷᠣᠯᠴᠠᠭᠰᠠᠨ ᠪᠠᠶᠢᠨ᠎ᠠ᠃ ᠡᠨᠡ ᠠᠵᠢᠯ ᠤᠨ ᠦᠷ᠎ᠡ ᠳ᠋ᠦᠩ ᠳᠦ ᠨᠡᠶᠢᠲᠡ 839 ᠬᠦᠮᠦᠨ ᠤᠭ ᠤᠨ ᠪᠢᠴᠢᠭ ᠬᠥᠲᠥᠯᠬᠦ ᠠᠷᠭ᠎ᠠ ᠵᠦᠢ ᠳᠦ ᠰᠤᠷᠤᠯᠴᠠᠯ᠎ᠠ ᠭᠡᠵᠦ ᠲᠤᠰ ᠭᠠᠵᠠᠷ ᠠᠴᠠ ᠮᠡᠳᠡᠭᠡᠯᠡᠯ᠎ᠡ᠃ ᠮᠣᠩᠭᠣᠯᠴᠤᠳ ᠡᠷᠲᠡ ᠳᠡᠭᠡᠷ᠎ᠡ ᠦᠶᠡᠰ ᠤᠷᠤᠭ ᠤᠨ ᠪᠢᠴᠢᠭ ᠢ ᠬᠦᠲᠦᠯᠵᠦ᠂ ᠲᠡᠭᠦᠪᠡᠷ ᠢᠶᠡᠨ ᠳᠠᠮᠵᠢᠭᠤᠯᠵᠤ ᠤᠳᠤᠮ ᠤᠭᠰᠠᠭ᠎ᠠ  ᠪᠠᠨ ᠲᠠᠨᠢᠵᠤ ᠮᠡᠳᠡᠬᠦ᠂ ᠤᠳᠤᠮ ᠤᠨ ᠲᠡᠦᠬᠡ ᠪᠡᠷ ᠢᠶᠡᠨ ᠪᠠᠬᠠᠷᠬᠠᠵᠤ᠂ ᠤᠳᠤᠮ ᠳᠠᠮᠵᠢᠨ ᠥᠪᠯᠡᠭᠦᠯᠵᠦ ᠪᠠᠶᠢᠭᠰᠠᠨ ᠤᠯᠠᠮᠵᠢᠯᠠᠯ ᠢᠶᠠᠨ ᠰᠡᠷᠭᠦᠭᠡᠬᠦ᠂ ᠤᠷᠤᠭ ᠤᠨ ᠪᠢᠴᠢᠭ ᠲᠦ ᠬᠣᠶᠠᠷ ᠲᠠᠯ᠎ᠠ ᠶᠢᠨ ᠬᠦᠮᠦᠰ ᠦᠨ ᠴᠠᠳᠢᠭ ᠨᠠᠮᠲᠠᠷ ᠪᠣᠯᠤᠭᠠᠳ ᠣᠪᠤᠭ ᠤᠳᠤᠮ ᠢ ᠵᠠᠯᠭᠠᠮᠵᠢᠯᠠᠭᠰᠠᠳ ᠤᠨ ᠠᠵᠢᠯ᠂ ᠠᠮᠢᠳᠤᠷᠠᠯ ᠭᠡᠬᠦ ᠮᠡᠲᠦ ᠲᠡᠦᠬᠡᠨ ᠳᠦ ᠬᠣᠯᠪᠣᠭᠳᠠᠬᠤ ᠮᠡᠳᠡᠭᠡᠯᠡᠯ ᠦᠳ ᠢ ᠪᠠᠭᠲᠠᠭᠠᠬᠤ ᠲᠠᠯ᠎ᠠ ᠪᠠᠷ ᠭᠡᠷ ᠪᠦᠯᠢ ᠨᠦᠭᠦᠳ ᠲᠣᠳᠣᠷᠬᠠᠢ ᠮᠡᠳᠡᠭᠡᠯᠡᠯ ᠲᠡᠢ ᠪᠣᠯᠵᠠᠢ᠃

ᠰᠡᠳᠬᠢᠭᠳᠡᠯ ᠦᠯᠡᠳᠡᠭᠡᠬᠦ