ᠪᠠᠶᠠᠨᠬᠣᠩᠭᠣᠷ ᠠᠶᠢᠮᠠᠭ ᠤᠨ ᠵᠠᠰᠠᠭ ᠳᠠᠷᠤᠭ᠎ᠠ ᠶᠢᠨ ᠰᠠᠨᠠᠭᠠᠴᠢᠯᠠᠭ᠎ᠠ᠂ ᠢᠷᠭᠡᠳ ᠦᠨ ᠲᠥᠯᠥᠭᠡᠯᠡᠭᠴᠢᠳ ᠦᠨ ᠬᠤᠷᠠᠯ ᠤᠨ ᠳᠡᠮᠵᠢᠯᠭᠡ ᠪᠡᠷ ᠲᠡᠵᠢᠭᠡᠯ ᠦᠨ ᠤᠷᠭᠤᠮᠠᠯ ᠢ ᠬᠥᠷᠥᠰᠥ ᠦᠭᠡᠢ ᠲᠠᠷᠢᠶᠠᠯᠠᠯᠲᠠ ᠪᠠᠷ ᠤᠷᠭᠤᠭᠤᠯᠵᠤ᠂ ᠶᠠᠳᠠᠷᠠᠵᠤ ᠰᠤᠯᠠᠳᠠᠭᠰᠠᠨ ᠮᠠᠯ ᠪᠣᠯᠤᠨ ᠣᠨ ᠳᠤ ᠤᠷᠤᠭᠤᠯᠬᠤ ᠮᠠᠯ ᠢᠶᠠᠨ ᠲᠡᠵᠢᠭᠡᠬᠦ ᠲᠤᠷᠰᠢᠯᠲᠠ ᠶᠢ ᠠᠮᠵᠢᠯᠲᠠᠲᠠᠢ ᠬᠢᠭᠰᠡᠨ ᠲᠠᠯ᠎ᠠ ᠪᠠᠷ ᠪᠢᠳᠡ ᠮᠡᠳᠡᠭᠡᠯᠡᠭᠰᠡᠨ᠃ ᠡᠶᠢᠨᠬᠦᠦ ᠠᠶᠢᠮᠠᠭ ᠤᠨ ᠵᠠᠰᠠᠭ ᠳᠠᠷᠤᠭ᠎ᠠ ᠶᠢᠨ ᠨᠥᠭᠡᠴᠡ ᠡᠴᠡ 81.6 ᠰᠠᠶ᠎ᠠ ᠲᠥᠭᠥᠷᠢᠭ ᠦᠨ ᠬᠥᠷᠥᠩᠭᠡ ᠣᠷᠣᠭᠤᠯᠤᠯᠲᠠ ᠬᠢᠵᠦ 80 ᠲᠣᠨ ᠤᠯᠠᠭᠠᠨ ᠪᠤᠭᠤᠳᠠᠢ ᠶᠢᠨ ᠦᠷ᠎ᠡ ᠶᠢ ᠬᠤᠳᠠᠯᠳᠤᠨ ᠠᠪᠴᠤ᠂ 10 ᠲᠣᠨ ᠢ ᠲᠥᠷᠥ ᠶᠢᠨ ᠪᠣᠯᠤᠨ ᠬᠤᠪᠢ ᠶᠢᠨ ᠬᠡᠪᠰᠢᠯ ᠦᠨ ᠪᠠᠶᠢᠭᠤᠯᠤᠯᠭ᠎ᠠ ᠠᠵᠤ ᠠᠬᠤᠢ ᠶᠢᠨ ᠨᠢᠭᠡᠴᠡ ᠨᠦᠭᠦᠳ ᠦᠨ ᠣᠷᠣᠯᠴᠠᠭ᠎ᠠ ᠲᠠᠢ ᠪᠠᠷ ᠲᠠᠷᠢᠶᠠᠯᠠᠵᠤ ᠪᠠᠶᠢᠨ᠎ᠠ᠃ ᠬᠠᠷᠢᠨ ᠦᠯᠡᠳᠡᠭᠰᠡᠨ 70 ᠲᠣᠨ ᠢ ᠲᠤᠰᠬᠠᠢ ᠪᠠᠶᠢᠷᠢᠨ ᠳᠤ ᠲᠠᠷᠢᠶᠠᠯᠠᠵᠤ ᠡᠳᠦᠷ ᠲᠦ 5-6 ᠲᠣᠨ ᠤᠷᠭᠤᠴᠠ᠂ ᠨᠡᠶᠢᠲᠡ 231 ᠲᠣᠨ ᠤᠷᠭᠤᠴᠠ ᠠᠪᠬᠤ ᠪᠠᠷ 46.0 ᠰᠠᠶ᠎ᠠ ᠲᠥᠭᠥᠷᠢᠭ ᠢᠶᠠᠷ ᠰᠠᠩᠬᠦᠦᠵᠢᠭᠦᠯᠬᠦ ᠪᠡᠷ ᠲᠥᠯᠥᠪᠯᠡᠵᠡᠢ᠃
ᠠᠪᠤᠭᠰᠠᠨ ᠤᠷᠭᠤᠴᠠ ᠶᠢ ᠱᠠᠭᠠᠷᠳᠠᠯᠭ᠎ᠠ ᠲᠠᠢ ᠰᠤᠮᠤᠳ ᠲᠤ ᠡᠨᠡ ᠰᠠᠷ᠎ᠠ ᠶᠢᠨ 20 ᠍ ᠤ ᠡᠳᠦᠷ ᠡᠴᠡ ᠡᠬᠢᠯᠡᠨ ᠬᠤᠪᠢᠶᠠᠷᠢᠯᠠᠬᠤ ᠪᠥᠭᠡᠳ ᠨᠣᠭᠣᠭᠠᠨ ᠲᠡᠵᠢᠭᠡᠯ ᠢ ᠲᠠᠷᠢᠶᠠᠯᠠᠬᠤ ᠰᠣᠨᠢᠷᠬᠠᠯᠲᠠᠢ ᠢᠷᠭᠡᠨ᠂ ᠠᠵᠤ ᠠᠬᠤᠢ ᠶᠢᠨ ᠨᠢᠭᠡᠴᠡ᠂ ᠪᠠᠶᠢᠭᠤᠯᠤᠯᠭ᠎ᠠ᠂ ᠮᠠᠯᠴᠢᠳ ᠲᠤ ᠲᠠᠷᠢᠶᠠᠯᠠᠬᠤ ᠠᠷᠭ᠎ᠠ ᠵᠦᠢ ᠶᠢᠨ ᠰᠤᠷᠭᠠᠯᠲᠠ ᠵᠥᠪᠯᠡᠭᠡ ᠶᠢ ᠲᠣᠭᠲᠠᠮᠠᠯ ᠥᠭᠴᠦ ᠪᠠᠶᠢᠭ᠎ᠠ ᠶᠤᠮ᠃ 1.2 ᠺᠢᠯᠦᠭᠷᠡᠮ ᠪᠤᠭᠤᠳᠠᠢ ᠶᠢᠨ ᠦᠷ᠎ᠡ ᠡᠴᠡ 3.3-5 ᠺᠢᠯᠦᠭᠷᠡᠮ ᠤᠷᠭᠤᠴᠠ ᠠᠪᠬᠤ ᠪᠣᠯᠤᠮᠵᠢ ᠲᠠᠢ ᠪᠥᠭᠡᠳ 8-10 ᠬᠣᠨᠣᠭ ᠲᠤ ᠤᠷᠭᠤᠯᠲᠠ ᠪᠦᠷᠢᠨ ᠭᠦᠢᠴᠡᠵᠦ ᠤᠷᠭᠤᠴᠠ ᠪᠠᠨ ᠥᠭᠬᠦ ᠪᠣᠯᠤᠮᠵᠢ ᠲᠠᠢ ᠶᠤᠮ ᠪᠠᠶᠢᠨ᠎ᠠ᠃ ᠰᠣᠨᠢᠷᠬᠠᠭᠤᠯᠬᠤ ᠳᠤ᠂ ᠪᠠᠶᠠᠨᠬᠣᠩᠭᠣᠷ ᠠᠶᠢᠮᠠᠭ 《ᠮᠢᠯ ᠬᠠᠦ᠋ᠰ》 ᠭᠤᠯᠢᠷ ᠲᠡᠵᠢᠭᠡᠯ ᠦᠨ ᠦᠢᠯᠡᠳᠪᠦᠷᠢ ᠨᠢ ᠵᠠᠬ᠎ᠠ ᠵᠡᠭᠡᠯᠢ ᠶᠢᠨ ᠦᠨ᠎ᠡ ᠡᠴᠡ 2000-3000 ᠲᠥᠭᠥᠷᠢᠭ ᠦᠨ ᠬᠢᠮᠳᠠᠷᠠᠯ ᠲᠠᠢ ᠦᠨ᠎ᠡ ᠪᠡᠷ ᠲᠡᠵᠢᠭᠡᠯ ᠪᠣᠷᠣᠯᠠᠭᠤᠯᠬᠤ ᠭᠡᠷ᠎ᠡ ᠪᠠᠶᠢᠭᠤᠯᠤᠨ᠂ ᠣᠷᠣᠨ ᠨᠤᠲᠤᠭ ᠲᠤ 100 ᠲᠣᠨ ᠤ ᠪᠠᠭᠲᠠᠭᠠᠮᠵᠢ ᠪᠦᠬᠦᠢ ᠠᠭᠤᠯᠬᠤ᠂ ᠪᠠᠶᠢᠷᠢ ᠰᠠᠪᠠ ᠪᠠᠷ ᠬᠠᠩᠭᠠᠨ᠂ ᠪᠣᠷᠣᠯᠠᠭᠤᠯᠤᠯᠲᠠ ᠶᠢᠨ ᠴᠡᠭ ᠪᠠᠶᠢᠭᠤᠯᠵᠤ᠂ ᠲᠡᠵᠢᠭᠡᠯ ᠲᠠᠲᠠᠨ ᠠᠪᠬᠤ ᠦᠢᠯᠡ ᠠᠵᠢᠯᠯᠠᠭ᠎ᠠ ᠶᠢ ᠡᠨᠡ ᠰᠠᠷ᠎ᠠ ᠶᠢᠨ ᠶᠢᠰᠦᠨ ᠦ ᠡᠳᠦᠷ ᠡᠴᠡ ᠡᠬᠢᠯᠡᠭᠦᠯᠬᠦ ᠪᠡᠷ ᠪᠡᠯᠡᠳᠬᠡᠵᠦ ᠪᠠᠶᠢᠨ᠎ᠠ᠃