ᠶᠠᠫᠣᠨ ᠤ ᠮᠡᠷᠭᠡᠵᠢᠯ ᠦᠨ ᠰᠦᠮᠦᠦ ᠪᠥᠬᠡ ᠶᠢᠨ ᠺᠶᠤᠱᠢᠦ᠋ ᠪᠠᠱᠶᠤ᠋ ᠭᠤᠷᠪᠠᠳᠠᠬᠢ ᠡᠳᠦᠷ ᠦᠨ ᠪᠠᠷᠢᠯᠳᠤᠭᠠᠨ ᠥᠴᠥᠭᠡᠳᠦᠷ ᠲᠤᠤᠺᠢᠤ᠋ ᠬᠣᠲᠠ ᠶᠢᠨ ᠷᠶᠤᠭᠤᠺᠤ ᠺᠣᠺᠥᠭᠢᠺᠠᠨ ᠣᠷᠳᠣᠨ ᠳᠤ ᠶᠠᠪᠤᠭᠳᠠᠯ᠎ᠠ᠃ ᠴᠠᠷ᠎ᠠ ᠲᠠᠬᠤᠯ ᠤᠨ ᠤᠯᠠᠮ ᠠᠴᠠ 5000 ᠦᠵᠡᠭᠴᠢ ᠶᠢ ᠯᠠ ᠣᠷᠳᠣᠨ ᠳᠤ ᠣᠷᠣᠬᠤ ᠶᠢ ᠵᠦᠪᠰᠢᠶᠡᠷᠡᠵᠦ ᠪᠤᠢ ᠡᠨᠡ ᠤᠳᠠᠭ᠎ᠠ ᠶᠢᠨ ᠺᠶᠤᠱᠢᠦ᠋ ᠪᠠᠱᠶᠤ᠋ ᠳᠦ ᠮ∙ᠳᠠᠸᠠᠵᠢᠷᠭᠠᠯ ᠪᠣᠯᠤᠨ ᠮ ∙ ᠠᠨᠠᠨᠳᠠ ᠨᠠᠷ ᠭᠡᠮᠲᠦᠯ ᠦᠨ ᠤᠯᠠᠮ ᠠᠴᠠ ᠪᠠᠷᠢᠯᠳᠤᠬᠤ ᠦᠭᠡᠢ ᠪᠠᠶᠢᠭ᠎ᠠ ᠪᠢᠯᠡ᠃
ᠲᠡᠭᠡᠪᠡᠯ ᠣᠵᠡᠺᠢ ᠠᠰᠠᠨᠨᠣᠶᠠᠮᠠ ᠵᠡᠭᠦᠨ ᠢ ᠮᠠᠩᠯᠠᠶᠢᠯᠠᠵᠤ ᠪᠠᠶᠢᠭᠰᠠᠨ ᠴᠤ ᠬᠤᠶᠠᠳᠠᠬᠢ ᠡᠳᠦᠷ ᠭᠡᠮᠲᠦᠯ ᠠᠪᠴᠤ᠂ ᠴᠢᠨᠠᠭᠰᠢ ᠪᠠᠷᠢᠯᠳᠤᠬᠤ ᠪᠣᠯᠤᠮᠵᠢ ᠦᠭᠡᠢ ᠪᠣᠯᠤᠭᠰᠠᠨ ᠶᠤᠮ᠃ ᠥᠴᠥᠭᠡᠳᠦᠷ ᠦᠨ ᠪᠠᠷᠢᠯᠳᠤᠭᠠᠨ ᠳᠤ ᠣᠵᠡᠺᠢ ᠱᠣᠳᠠᠢ᠂ ᠣᠵᠡᠺᠢ ᠲᠠᠺᠠᠺᠸᠱᠤ᠋ ᠨᠠᠷ ᠤᠴᠠᠷᠠᠭ᠎ᠠ ᠪᠥᠬᠡ ᠪᠡᠨ ᠳᠠᠪᠠᠵᠤ᠂ ᠬᠣᠶᠠᠭᠤᠯᠠ ᠪᠠᠨ ᠭᠤᠷᠪᠠᠨ ᠳᠠᠪᠠᠭ᠎ᠠ ᠲᠠᠢ ᠪᠠᠱᠶᠤ᠋ ᠶᠢ ᠦᠷᠭᠦᠯᠵᠢᠯᠡᠭᠦᠯᠵᠦ ᠪᠠᠶᠢᠨ᠎ᠠ᠃ ᠮᠥᠨ ᠰᠢᠨ᠎ᠡ ᠺᠤᠮᠤᠰᠤᠪᠢ ᠲᠡᠷᠡᠨᠣᠹᠦᠵᠢ ᠪ∙ᠭᠠᠩᠡᠷᠳᠡᠨᠢ ᠮᠸᠭᠠᠱᠢᠷᠠ ᠶᠢᠨ ᠬᠣᠶᠠᠷ ᠲᠤ ᠡᠷᠡᠮᠪᠡ ᠲᠡᠢ ᠤᠨᠤᠱᠤ᠋ ᠶᠢ᠂ ᠰ∙ᠪᠢᠮᠪᠠᠰᠦ᠋ᠷᠦᠩ ᠡᠸ᠋ᠩᠬᠤ᠋ ᠶᠢ ᠳᠠᠪᠠᠵᠤ ᠭᠤᠷᠪᠠᠳᠠᠬᠢ ᠳᠠᠪᠠᠭ᠎ᠠ ᠪᠠᠨ ᠬᠦᠷᠲᠡᠪᠡ᠃