《ᠰᠢᠪᠠᠭᠤᠨ ᠰᠠᠷᠠᠯ》ᠨᠠᠭᠠᠳᠤᠮ 24 ᠳ᠋ᠡᠬᠢ ᠵᠢᠯ ᠳᠦ ᠪᠡᠨ ᠪᠣᠯᠵᠤ ᠪᠠᠶᠢᠨ᠎ᠠ  | News.MN

《ᠰᠢᠪᠠᠭᠤᠨ ᠰᠠᠷᠠᠯ》ᠨᠠᠭᠠᠳᠤᠮ 24 ᠳ᠋ᠡᠬᠢ ᠵᠢᠯ ᠳᠦ ᠪᠡᠨ ᠪᠣᠯᠵᠤ ᠪᠠᠶᠢᠨ᠎ᠠ 

ᠮᠣᠩᠭᠣᠯ ᠤᠨ ᠰᠢᠨ᠎ᠡ ᠦᠶ᠎ᠡ ᠶᠢᠨ ᠤᠳᠬ᠎ᠠ ᠵᠣᠬᠢᠶᠠᠯ ᠢ ᠦᠨᠳᠦᠰᠦᠯᠡᠭᠴᠢ ᠶᠡᠬᠡ ᠵᠣᠬᠢᠶᠠᠯᠴᠢ ᠳ ∙ ᠨᠠᠴᠤᠭᠳᠣᠷᠵᠢ ᠶᠢᠨ ᠮᠡᠨᠳᠦᠯᠡᠭᠰᠡᠨ ᠦ 114 ᠵᠢᠯ ᠦᠨ ᠣᠢ ᠳᠤ ᠵᠣᠷᠢᠭᠤᠯᠤᠭᠰᠠᠨ 《ᠰᠢᠪᠠᠭᠤᠨ ᠰᠠᠷᠠᠯ》 ᠪᠣᠭᠣᠨᠢ ᠥᠭᠦᠯᠡᠯᠭᠡ ᠤᠷᠠᠨ ᠤᠩᠰᠢᠯᠭ᠎ᠠ ᠶᠢᠨ ᠨᠠᠭᠠᠳᠤᠮ ᠬᠣᠪᠳᠣ ᠠᠶᠢᠮᠠᠭ ᠲᠤ 24 ᠳ᠋ᠡᠬᠢ ᠵᠢᠯ ᠳᠦ ᠪᠡᠨ ᠪᠣᠯᠵᠤ ᠪᠠᠶᠢᠨ᠎ᠠ᠃ ᠲᠤᠰ ᠨᠠᠭᠠᠳᠤᠮ ᠢ ᠬᠣᠪᠳᠣ ᠠᠶᠢᠮᠠᠭ ᠤᠨ ᠨᠡᠶᠢᠲᠡ ᠶᠢᠨ ᠨᠣᠮ ᠤᠨ ᠰᠠᠩ ᠠᠴᠠ ᠵᠢᠯ ᠪᠦᠷᠢ ᠤᠯᠠᠮᠵᠢᠯᠠᠯ ᠪᠣᠯᠭᠠᠨ ᠵᠣᠬᠢᠶᠠᠨ ᠪᠠᠶᠢᠭᠤᠯᠵᠤ ᠢᠷᠡᠵᠡᠢ᠃ ᠳ∙ᠨᠠᠴᠤᠭᠳᠣᠷᠵᠢ ᠶᠢᠨ ᠤᠷᠠᠨ ᠪᠦᠲᠦᠭᠡᠯ ᠢ ᠤᠩᠰᠢᠭᠴᠢᠳ ᠲᠤ ᠰᠤᠷᠲᠠᠯᠴᠢᠯᠠᠬᠤ᠂ ᠵᠠᠯᠠᠭᠤ ᠦᠶ᠎ᠡ ᠶᠢᠨ ᠬᠢᠨ ᠳᠦ ᠡᠬᠡ ᠬᠡᠯᠡᠨ ᠦ ᠵᠥᠪ ᠬᠡᠷᠡᠭᠯᠡᠭᠡ ᠶᠢ ᠬᠡᠪᠰᠢᠭᠦᠯᠬᠦ᠂ ᠲᠡᠳᠡᠨ ᠢ ᠨᠣᠮ ᠲᠠᠢ ᠨᠥᠬᠦᠷᠯᠡᠭᠦᠯᠬᠦ ᠵᠣᠷᠢᠯᠭ᠎ᠠ ᠪᠦᠬᠦᠢ ᠲᠤᠰ ᠤᠷᠤᠯᠳᠤᠭᠠᠨ ᠡᠳᠦᠭᠡ ᠬᠣᠶᠠᠷ ᠦᠶ᠎ᠡ ᠱᠠᠲᠤ ᠲᠠᠢ ᠦᠷᠭᠦᠯᠵᠢᠯᠡᠵᠦ ᠪᠠᠶᠢᠨ᠎ᠠ᠃
ᠤᠷᠠᠨ ᠤᠩᠰᠢᠯᠭ᠎ᠠ ᠶᠢᠨ ᠨᠠᠭᠠᠳᠤᠮ ᠤᠨ ᠡᠬᠢᠨ ᠦ ᠱᠠᠲᠤᠨ ᠳᠤ 10-12 ᠠᠩᠭᠢ ᠠᠩᠭᠢᠯᠠᠯ ᠳᠤ᠄ ᠲᠡᠷᠢᠭᠦᠨ ᠪᠠᠶᠢᠷᠢ ᠳᠤ ᠮᠠᠩᠬᠠᠨ ᠰᠤᠮᠤ ᠶᠢᠨ 12 ᠠ ᠠᠩᠬᠢ ᠶᠢᠨ ᠰᠤᠷᠤᠭᠴᠢ ᠮ ∙ ᠭᠡᠷᠡᠯᠴᠣᠯᠮᠣᠨ 《ᠵᠠᠮᠤᠬ᠎ᠠ ᠶᠢᠨ ᠥᠴᠢᠯ》᠂ ᠳᠡᠳ᠋ ᠪᠠᠶᠢᠷᠢ ᠳᠤ ᠦᠶᠡᠩᠴᠢ ᠰᠤᠮᠤ ᠶᠢᠨ 11 ᠪ ᠠᠩᠬᠢ ᠶᠢᠨ ᠰᠤᠷᠤᠭᠴᠢ ᠳ ∙ ᠨᠠᠮᠤᠭᠤᠨ 《ᠤᠯᠠᠮᠵᠢᠯᠠᠯᠲᠤ ᠡᠾᠤ᠋》᠂ ᠭᠤᠲᠠᠭᠠᠷ ᠪᠠᠶᠢᠷᠢ ᠳᠤ ᠳᠠᠷᠪᠢ ᠰᠤᠮᠤ ᠶᠢᠨ 10 ᠠ ᠠᠩᠬᠢ ᠶᠢᠨ ᠰᠤᠷᠤᠭᠴᠢ ᠮ ∙ ᠨᠠᠰᠤᠨᠲᠤᠭᠲᠤᠬᠤ 《ᠭᠠᠭᠴᠠ ᠤᠯᠠᠭᠠᠨ ᠭᠠᠨᠪᠢᠷ》 ᠥᠭᠦᠯᠡᠯᠭᠡ ᠪᠡᠷ ᠲᠤᠰ ᠲᠤᠰ ᠰᠢᠯᠭᠠᠷᠠᠭᠰᠠᠨ᠃ ᠬᠠᠷᠢᠨ ᠲᠤᠰᠬᠠᠢ ᠪᠠᠶᠢᠷᠢ ᠳᠤ ᠪᠤᠶᠠᠨᠲᠤ ᠰᠤᠮᠤ ᠶᠢᠨ 10 ᠠ ᠠᠩᠬᠢ ᠶᠢᠨ ᠰᠤᠷᠤᠭᠴᠢ ᠱ ∙ ᠠᠮᠤᠷᠵᠢᠷᠭᠠᠯ 《ᠦᠳᠡ ᠶᠢᠨ ᠵᠠᠷᠯᠢᠭ ᠣᠷᠣᠰᠢᠪᠠᠢ》᠂ ᠵᠢᠷᠭᠠᠯᠠᠩᠲᠤ ᠰᠤᠮᠤ ᠶᠢᠨ ᠳᠣᠯᠣᠳᠤᠭᠠᠷ ᠰᠤᠷᠭᠠᠭᠤᠯᠢ ᠶᠢᠨ 11 ᠪ ᠠᠩᠬᠢ ᠶᠢᠨ ᠰᠤᠷᠤᠭᠴᠢ ᠴ ∙ ᠬᠤᠩᠭᠤᠷᠵᠤᠯᠠ 《ᠨᠢᠰᠤᠨ ᠵᠤᠷ》 ᠥᠭᠦᠯᠡᠯᠭᠡ ᠪᠡᠷ ᠰᠢᠯᠭᠠᠷᠠᠯ᠎ᠠ᠃

ᠰᠡᠳᠬᠢᠭᠳᠡᠯ ᠦᠯᠡᠳᠡᠭᠡᠬᠦ