《ᠲᠥᠷᠥ ᠳᠦ ᠵᠢᠳᠬᠦᠭᠰᠡᠨ ᠣᠨ ᠵᠢᠯ ᠦᠳ》ᠨᠣᠮ ᠤᠨ ᠨᠡᠭᠡᠭᠡᠯᠲᠡ ᠪᠣᠯᠤᠯ᠎ᠠ  | News.MN

《ᠲᠥᠷᠥ ᠳᠦ ᠵᠢᠳᠬᠦᠭᠰᠡᠨ ᠣᠨ ᠵᠢᠯ ᠦᠳ》ᠨᠣᠮ ᠤᠨ ᠨᠡᠭᠡᠭᠡᠯᠲᠡ ᠪᠣᠯᠤᠯ᠎ᠠ 

ᠪᠤᠯᠠᠭᠠᠨ ᠠᠶᠢᠮᠠᠭ ᠤᠨ ᠲᠥᠷᠥ ᠵᠠᠬᠢᠷᠭᠠᠨ ᠤ ᠪᠠᠶᠢᠭᠤᠯᠤᠯᠭ᠎ᠠ ᠶᠢᠨ ᠠᠬᠠᠮᠠᠳ᠂ ᠳᠤᠮᠳᠠ ᠦᠶ᠎ᠡ ᠶᠢᠨ ᠲᠥᠯᠥᠭᠡᠯᠡᠯ ᠦᠨ ᠲᠤᠷᠰᠢᠯᠭ᠎ᠠ᠂ ᠠᠷᠭ᠎ᠠ ᠪᠠᠷᠢᠯ ᠤᠨ ᠲᠤᠬᠠᠢ《ᠲᠥᠷᠥ ᠳᠦ ᠵᠢᠳᠬᠦᠭᠰᠡᠨ ᠣᠨ ᠵᠢᠯ ᠦᠳ》 ᠨᠣᠮ ᠤᠨ ᠨᠡᠭᠡᠭᠡᠯᠲᠡ ᠪᠤᠯᠠᠭᠠᠨ ᠰᠤᠮᠤᠨ ᠳᠤ ᠪᠣᠯᠤᠯ᠎ᠠ᠃ ᠠᠶᠢᠮᠠᠭ ᠤᠨ ᠵᠠᠰᠠᠭ ᠳᠠᠷᠤᠭ᠎ᠠ ᠶᠢᠨ ᠲᠠᠮᠠᠭ᠎ᠠ ᠶᠢᠨ ᠭᠠᠵᠠᠷ ᠠᠴᠠ ᠡᠷᠬᠢᠯᠡᠨ ᠬᠡᠪᠯᠡᠭᠦᠯᠦᠭᠰᠡᠨ ᠤᠭ ᠨᠣᠮ ᠳᠤ ᠠᠶᠢᠮᠠᠭ ᠤᠨ ᠢᠶᠠᠨ ᠬᠥᠭᠵᠢᠯ ᠦᠨ ᠲᠥᠯᠥᠭᠡ ᠬᠢᠴᠢᠶᠡᠯ ᠵᠢᠳᠬᠦᠯ᠂ ᠮᠡᠳᠡᠯᠭᠡ ᠣᠶᠤᠨ ᠢᠶᠠᠨ ᠵᠣᠷᠢᠭᠤᠯᠤᠭᠰᠠᠨ ᠠᠶᠢᠮᠠᠭ ᠤᠨ ᠳᠠᠷᠤᠭ᠎ᠠ ᠠ᠊∙ᠷᠠᠪᠵᠢᠷ᠂ ᠮ∙ᠭᠥᠯᠥᠭᠡ ᠂ ᠭ∙ᠪᠠᠳᠢᠷᠴᠢ᠂ ᠯ∙ᠵᠠᠪᠵᠠᠮ᠎ᠠ᠂  ᠵᠠᠰᠠᠭ ᠳᠠᠷᠤᠭ᠎ᠠ ᠶᠢᠨ ᠲᠠᠮᠠᠭ᠎ᠠ ᠶᠢᠨ ᠭᠠᠵᠠᠷ ᠍ ᠤᠨ ᠳᠠᠷᠤᠭ᠎ᠠ ᠼ∙ᠪᠠᠳᠠᠷᠠᠯ ᠨᠠᠷ ᠤᠨ ᠠᠶᠢᠮᠠᠭ ᠤᠨ ᠪᠣᠯᠤᠭᠠᠳ ᠰᠤᠮᠤ᠂ ᠠᠭᠧᠨᠲᠯᠢᠭ ᠤᠨ ᠤᠳᠤᠷᠢᠳᠤᠯᠭ᠎ᠠ 52 ᠬᠦᠮᠦᠨ ᠦ ᠠᠷᠭ᠎ᠠ ᠪᠠᠷᠢᠯ᠂ ᠲᠤᠷᠰᠢᠯᠭ᠎ᠠ᠂ ᠠᠮᠢᠳᠤᠷᠠᠯ ᠤᠨ ᠲᠡᠦᠬᠡ ᠳᠤᠷᠠᠰᠤᠮᠵᠢ ᠶᠢ ᠲᠥᠷᠥ ᠶᠢᠨ ᠠᠯᠪᠠᠨ ᠬᠠᠭᠠᠭᠴᠢᠳ ᠲᠤ ᠭᠠᠷ ᠤᠨ ᠠᠪᠤᠯᠭ᠎ᠠ ᠪᠣᠯᠭᠠᠬᠤ᠂ ᠥᠪᠯᠡᠭᠦᠯᠦᠨ ᠦᠯᠡᠳᠡᠭᠡᠬᠦ ᠵᠣᠷᠢᠯᠭ᠎ᠠ ᠪᠠᠷ ᠨᠡᠶᠢᠲᠡᠯᠡᠭᠰᠡᠨ ᠪᠠᠶᠢᠨ᠎ᠠ᠃
ᠤᠭ ᠨᠣᠮ ᠢ ᠪᠦᠲᠦᠭᠡᠭᠴᠢᠳ ᠦᠨ ᠨᠢᠭᠡ ᠠᠶᠢᠮᠠᠭ ᠤᠨ ᠲᠥᠷᠥ ᠵᠠᠬᠢᠷᠭᠠᠨ ᠤ ᠠᠬᠠᠮᠠᠳ ᠠᠵᠢᠯᠲᠠᠨ ᠫ∙ᠳᠠᠮᠪᠠ᠄ ᠲᠥᠷᠥ ᠶᠢᠨ ᠠᠯᠪᠠᠨ ᠳᠤ ᠦᠷ᠎ᠡ ᠪᠦᠲᠦᠭᠡᠯ ᠲᠡᠢ ᠠᠵᠢᠯᠯᠠᠵᠤ ᠪᠠᠶᠢᠭᠰᠠᠨ ᠬᠦᠮᠦᠰ ᠦᠨ ᠲᠤᠬᠠᠢ ᠬᠣᠶᠢᠴᠢ ᠦᠶ᠎ᠡ ᠶᠢᠨ ᠬᠢᠨ ᠳᠦ ᠥᠪᠯᠡᠭᠦᠯᠦᠨ ᠦᠯᠡᠳᠡᠭᠡᠨ᠎ᠡ ᠭᠡᠳᠡᠭ ᠬᠠᠮᠤᠭ ᠤᠨ ᠰᠠᠶᠢᠬᠠᠨ ᠰᠠᠨᠠᠭᠠᠴᠢᠯᠠᠭ᠎ᠠ᠃ ᠭᠡᠬᠦ ᠳᠦ ᠪᠡᠨ ᠨᠣᠮ ᠪᠦᠲᠦᠭᠡᠭᠴᠢ ᠪᠢᠳᠡᠨ ᠳᠦ ᠪᠠᠭ᠎ᠠ ᠦᠭᠡᠢ ᠪᠡᠷᠬᠡᠰᠢᠶᠡᠯ ᠲᠤᠯᠭᠠᠷᠠᠭᠰᠠᠨ᠃ ᠬᠦᠮᠦᠨ ᠦ ᠠᠵᠢᠯ ᠤᠨ ᠠᠷᠭ᠎ᠠ ᠪᠠᠷᠢᠯ ᠢ ᠪᠢᠴᠢᠵᠦ ᠲᠤᠭᠤᠷᠪᠢᠨ᠎ᠠ ᠭᠡᠳᠡᠭ ᠮᠡᠷᠭᠡᠵᠢᠯ ᠦᠨ ᠬᠦᠮᠦᠰ ᠦᠨ ᠬᠢᠬᠦ ᠠᠵᠢᠯ ᠭᠡᠳᠡᠭ ᠬᠠᠷᠠᠭᠳᠠᠭᠰᠠᠨ᠃ ᠬᠦᠮᠦᠨ ᠪᠦᠬᠦᠨ ᠳᠦ ᠶᠠᠮᠠᠷ ᠨᠢᠭᠡᠨ ᠣᠨᠴᠠᠯᠢᠭ ᠴᠢᠳᠠᠪᠤᠷᠢ ᠪᠤᠢ᠃ ᠲᠡᠷᠡ ᠨᠢ ᠲᠥᠷᠥ ᠶᠢᠨ ᠠᠯᠪᠠ ᠬᠠᠰᠢᠬᠤ ᠳᠤ ᠶᠠᠭᠠᠬᠢᠵᠤ ᠨᠥᠯᠦᠭᠡᠯᠡᠵᠦ᠂ ᠨᠡᠶᠢᠭᠡᠮ ᠳᠦ ᠪᠡᠨ ᠦᠷ᠎ᠡ ᠪᠦᠲᠦᠭᠡᠯ ᠭᠠᠷᠭᠠᠵᠤ ᠪᠠᠶᠢᠭ᠎ᠠ ᠶᠢ ᠬᠠᠷᠠᠭᠤᠯᠬᠤ ᠶᠢ ᠶᠡᠬᠡ ᠬᠢᠴᠢᠶᠡᠭᠰᠡᠨ᠃ ᠲᠥᠷᠥ ᠶᠢᠨ ᠠᠯᠪᠠ ᠪᠣᠯᠤᠭᠠᠳ ᠠᠯᠢᠪᠠ ᠠᠵᠢᠯ ᠢ ᠬᠠᠷᠢᠭᠤᠴᠠᠬᠤ ᠳᠤ ᠡᠨᠡ ᠨᠣᠮ ᠨᠡᠮᠡᠷᠢ ᠪᠣᠯᠤᠨ᠎ᠠ ᠭᠡᠳᠡᠭ ᠲᠦ ᠡᠷᠡᠭᠡᠯᠵᠡᠬᠦ ᠦᠭᠡᠢ ᠪᠠᠶᠢᠨ᠎ᠠ ᠭᠡᠯ᠎ᠡ᠃

ᠰᠡᠳᠬᠢᠭᠳᠡᠯ ᠦᠯᠡᠳᠡᠭᠡᠬᠦ