ᠳᠠᠭᠤᠴᠢᠨ ᠤᠺᠠ ᠥᠨᠥᠳᠥᠷ 《ᠠᠯᠲᠠᠨ ᠭᠠᠳᠠᠰᠤ》ᠣᠳᠣᠨ ᠢᠶᠠᠷ ᠱᠠᠩᠨᠠᠭᠤᠯᠤᠯᠠ᠃ ᠲᠡᠷᠡᠪᠡᠷ ᠡᠨᠡ ᠰᠠᠷ᠎ᠠ ᠶᠢᠨ 20 ᠍ ᠳᠦ DO IT ᠨᠡᠷ᠎ᠡ ᠲᠠᠢ ᠲᠣᠭᠯᠠᠯᠲᠠ ᠪᠠᠨ 《ᠪᠤᠶᠠᠨᠲᠤ ᠬᠤᠸᠠ》 ᠰᠫᠣᠷᠲ ᠤᠨ ᠣᠷᠳᠣᠨ ᠳᠤ ᠬᠢᠬᠦ ᠪᠡᠷ ᠲᠥᠯᠥᠪᠯᠡᠭᠡᠳ ᠪᠠᠶᠢᠭ᠎ᠠ ᠶᠤᠮ᠃ ᠲᠡᠭᠦᠨ ᠦ ᠲᠦᠷᠦᠭᠰᠡᠨ ᠡᠳᠦᠷ ᠥᠨᠥᠳᠥᠷ ᠲᠣᠬᠢᠶᠠᠵᠤ ᠪᠠᠶᠢᠭ᠎ᠠ ᠠᠵᠠᠢ᠃ ᠤᠺᠠ ᠶᠢᠨ ᠬᠤᠪᠢ ᠳᠤ ᠣᠯᠠᠨ ᠤᠳᠠᠭ᠎ᠠ ᠶᠢᠨ ᠪᠡᠶ᠎ᠡ ᠳᠠᠭᠠᠭᠠᠭᠰᠠᠨ ᠴᠣᠮᠣᠭ ᠢ ᠭᠠᠷᠭᠠᠵᠤ᠂ ᠲᠣᠭᠯᠠᠯᠲᠠ ᠶᠢ ᠬᠢᠭᠰᠡᠨ ᠶᠤᠮ᠃ ᠮᠥᠨ ᠮᠣᠩᠭᠣᠯ ᠲᠸᠯᠸᠢᠰ ᠦᠨ Voice of Mongolia ᠤᠷᠤᠯᠳᠤᠭᠠᠨ ᠤ ᠰᠢᠭᠦᠭᠴᠢ ᠪᠡᠷ ᠠᠵᠢᠯᠯᠠᠳᠠᠭ ᠪᠢᠯᠡ᠃