ᠳᠡᠯᠡᠬᠡᠢ ᠶᠢᠨ 46 ᠣᠷᠣᠨ ᠳᠤ ᠦᠢᠯᠡ ᠠᠵᠢᠯᠯᠠᠭ᠎ᠠ ᠶᠠᠪᠤᠭᠤᠯᠳᠠᠭ Christies᠍ ᠦᠨ ᠳᠠᠭᠤᠳᠠᠯᠭ᠎ᠠ ᠬᠤᠳᠠᠯᠳᠤᠭ᠎ᠠ ᠪᠠᠷ 2011 ᠣᠨ ᠳᠤ 14 ᠍ ᠳᠦᠭᠡᠷ ᠵᠠᠭᠤᠨ ᠤ ᠦᠶ᠎ᠡ ᠶᠢᠨ ᠠᠯᠲᠠᠨ ᠤᠲᠠᠰᠤ ᠪᠠᠷ ᠣᠶᠣᠭᠰᠠᠨ ᠯᠤᠤ ᠬᠡ ᠪᠦᠬᠦᠢ ᠮᠣᠩᠭᠣᠯ ᠳᠡᠪᠡᠯ 407 ᠮᠢᠩᠭᠠᠨ ᠳ᠋ᠣᠯᠯᠠᠷ ᠢᠶᠠᠷ ᠵᠠᠷᠤᠭᠳᠠᠵᠤ ᠪᠠᠢᠪᠠ᠃ ᠠᠩᠬ᠎ᠠ ᠳᠠᠭᠤᠳᠠᠯᠭ᠎ᠠ ᠬᠤᠳᠠᠯᠳᠤᠭᠠᠨ ᠤ ᠲᠥᠯᠥᠭᠡᠯᠡᠭᠴᠢᠳ ᠲᠤᠰ ᠳᠡᠪᠡᠯ ᠢ 150 ᠮᠢᠩᠭ᠎ᠠ ᠠᠴᠠ 400 ᠮᠢᠩᠭᠠᠨ ᠳ᠋ᠣᠯᠯᠠᠷ ᠢᠶᠠᠷ ᠵᠠᠷᠤᠭᠳᠠᠨᠠ ᠭᠡᠵᠦ ᠲᠠᠭᠠᠮᠠᠭᠯᠠᠵᠤ ᠪᠠᠶᠢᠭᠰᠠᠨ ᠴᠤ 407 ᠮᠢᠩᠭᠠᠨ ᠠᠮᠠ ᠳ᠋ᠣᠯᠯᠠᠷ ᠲᠤ ᠬᠦᠷᠴᠦ᠂ ᠬᠤᠳᠠᠯᠳᠤᠭᠠᠯᠠᠭᠳᠠᠭᠰᠠᠨ ᠪᠠᠶᠢᠨ᠎ᠠ᠃
ᠳᠠᠭᠤᠳᠠᠯᠭ᠎ᠠ ᠬᠤᠳᠠᠯᠳᠤᠭᠠᠨ ᠤ ᠲᠠᠶᠢᠯᠪᠤᠷᠢ ᠬᠡᠰᠡᠭ ᠲᠦ 《ᠮᠣᠩᠭᠣᠯᠴᠤᠳ ᠤᠨ 13-14 ᠵᠠᠭᠤᠨ ᠤ ᠦᠶ᠎ᠡ ᠶᠢᠨ ᠠᠯᠲᠠᠨ ᠤᠲᠠᠰᠤ ᠪᠠᠷ ᠣᠶᠣᠭᠰᠠᠨ᠂ ᠯᠤᠤ ᠬᠡ ᠪᠦᠬᠦᠢ ᠲᠣᠷᠭᠠᠨ ᠳᠡᠪᠡᠯ》 ᠭᠡᠵᠦ ᠪᠢᠴᠢᠵᠡᠢ᠃ ᠡᠨᠡ ᠦᠨᠡᠲᠦ ᠣᠯᠳᠠᠪᠤᠷᠢ ᠨᠢ ᠬᠡᠳᠦᠨ ᠵᠠᠭᠤᠨ ᠵᠢᠯ ᠢ ᠡᠯᠡᠭᠡᠭᠰᠡᠨ ᠴᠤ ᠪᠠᠷᠤᠭ ᠪᠦᠲᠦᠨ ᠢᠶᠡᠷ ᠢᠶᠡᠨ ᠬᠠᠳᠠᠭᠠᠯᠠᠭᠳᠠᠨ ᠦᠯᠡᠳᠡᠭᠰᠡᠨ ᠶᠤᠮ᠃ ᠰᠤᠳᠤᠯᠤᠭᠠᠴᠢᠳ ᠳᠡᠪᠡᠯ ᠦᠨ ᠵᠠᠭᠪᠤᠷ ᠬᠢᠴᠡ ᠡᠴᠡ ᠡᠮᠡᠭᠲᠡᠢ ᠬᠦᠮᠦᠨ ᠦ ᠳᠡᠪᠡᠯ ᠭᠡᠵᠦ ᠲᠣᠳᠣᠷᠬᠠᠶᠢᠯᠠᠭᠰᠠᠨ ᠪᠥᠭᠡᠳ 1980 ᠍ ᠊ᠭᠠᠳ ᠣᠨ ᠠᠴᠠ ᠬᠣᠶᠢᠰᠢ ᠠᠽᠢᠶ᠎ᠠ ᠶᠢᠨ ᠤᠷᠠᠯᠢᠭ ᠤᠨ ᠪᠦᠲᠦᠭᠡᠯ ᠦᠳ ᠢ ᠴᠤᠭᠯᠠᠭᠤᠯᠵᠤ ᠪᠤᠢ ᠬᠦᠮᠦᠨ ᠬᠤᠳᠠᠯᠳᠤᠨ ᠠᠪᠤᠭᠰᠠᠨ ᠪᠠᠶᠢᠨ᠎ᠠ᠃ ᠡᠭᠦᠨ ᠡᠴᠡ ᠬᠣᠶᠢᠰᠢ 2017 ᠣᠨ ᠳᠤ ᠳᠠᠬᠢᠨ ᠳᠠᠭᠤᠳᠠᠯᠭ᠎ᠠ ᠬᠤᠳᠠᠯᠳᠤᠭ᠎ᠠ ᠪᠠᠷ ᠣᠷᠣᠭᠰᠠᠨ ᠴᠤ ᠦᠨ᠎ᠡ ᠶᠢᠨ ᠲᠠᠯᠠᠭᠠᠷᠬᠢ ᠪᠣᠯᠤᠨ ᠡᠵᠡᠮᠰᠢᠭᠴᠢ ᠶᠢᠨ ᠮᠡᠳᠡᠭᠡᠯᠡᠯ ᠨᠢ ᠨᠢᠭᠤᠴᠠᠯᠠᠭᠳᠠᠭᠰᠠᠨ ᠪᠠᠶᠢᠨ᠎ᠠ᠃