《ᠡᠬᠡ ᠬᠡᠯᠡᠨ ᠦ ᠡᠳᠦᠷ》 ᠢ ᠲᠣᠬᠢᠶᠠᠯᠳᠤᠭᠤᠯᠤᠨ ᠬᠣᠪᠳᠣ ᠠᠶᠢᠮᠠᠭ ᠲᠤ ᠵᠣᠬᠢᠶᠠᠨ ᠪᠠᠶᠢᠭᠤᠯᠤᠭᠰᠠᠨ 《ᠠᠷᠠᠳ ᠤᠨ ᠪᠢᠯᠢᠭ ᠵᠦᠢ ᠶᠢᠨ ᠠᠮᠠᠨ ᠵᠣᠬᠢᠶᠠᠯ》 ᠍ ᠤᠨ ᠴᠠᠬᠢᠮ ᠤᠷᠤᠯᠳᠤᠭᠠᠨ ᠤ ᠰᠢᠯᠢᠳᠡᠭ ᠦᠳ ᠲᠣᠳᠣᠷᠠᠵᠤ᠂ ᠱᠠᠩᠨᠠᠯ ᠢᠶᠠᠨ ᠭᠠᠷᠳᠠᠨ ᠠᠪᠤᠯ᠎ᠠ᠃ ᠲᠤᠰ ᠤᠷᠤᠯᠳᠤᠭᠠᠨ ᠤ ᠵᠣᠷᠢᠯᠭ᠎ᠠ ᠨᠢ ᠣᠯᠠᠨ ᠤᠭᠰᠠᠭᠠᠲᠠᠨ ᠤ ᠪᠦᠯᠦᠭ ᠦᠨ ᠬᠡᠯᠡ ᠠᠶᠠᠯᠭᠤ᠂ ᠠᠮᠠᠨ ᠵᠣᠬᠢᠶᠠᠯ᠂ ᠤᠷᠠᠨ ᠵᠣᠬᠢᠶᠠᠯ ᠤᠨ ᠲᠥᠷᠥᠯ ᠵᠦᠢᠯ ᠢ ᠣᠯᠠᠨ ᠨᠡᠶᠢᠲᠡ ᠳᠦ ᠰᠤᠷᠲᠠᠯᠴᠢᠯᠠᠬᠤ᠂ ᠲᠦᠭᠡᠭᠡᠨ ᠳᠡᠯᠭᠡᠷᠡᠭᠦᠯᠬᠦ᠂ ᠭᠣᠴᠣ ᠠᠪᠢᠶᠠᠰᠲᠠᠨ ᠢ ᠲᠣᠳᠣᠷᠠᠭᠤᠯᠤᠨ ᠠᠯᠳᠠᠷᠰᠢᠭᠤᠯᠬᠤ᠂ ᠰᠤᠶᠤᠯ ᠤᠨ ᠥᠪ ᠦᠨ ᠰᠠᠩ ᠳᠤ ᠬᠠᠳᠠᠭᠠᠯᠠᠨ ᠬᠠᠮᠠᠭᠠᠯᠠᠬᠤ ᠳᠤ ᠴᠢᠭᠯᠡᠵᠦ ᠪᠠᠶᠢᠪᠠ᠃ ᠤᠷᠤᠯᠳᠤᠭᠠᠨ ᠤ ᠦᠨᠳᠦᠰᠦᠨ ᠦᠢᠯᠡ ᠠᠵᠢᠯᠯᠠᠭ᠎ᠠ ᠶᠢ ᠡᠨᠡ ᠣᠨ ᠤ ᠶᠢᠰᠦᠳᠦᠭᠡᠷ ᠰᠠᠷ᠎ᠠ ᠶᠢᠨ 24 -28 ᠍ ᠤ ᠡᠳᠦᠷ ᠴᠠᠬᠢᠮ ᠬᠡᠯᠪᠡᠷᠢ ᠪᠡᠷ ᠵᠣᠬᠢᠶᠠᠨ ᠪᠠᠶᠢᠭᠤᠯᠤᠭᠰᠠᠨ ᠢᠶᠠᠷ ᠢᠶᠠᠨ ᠣᠨᠴᠠᠯᠢᠭ ᠲᠠᠢ᠃ ᠤᠷᠤᠯᠳᠤᠭᠠᠨ ᠳᠤ ᠠᠷᠠᠳ ᠤᠨ ᠪᠢᠯᠢᠭ ᠵᠦᠢ ᠶᠢᠨ ᠠᠮᠠᠨ ᠵᠣᠬᠢᠶᠠᠯ ᠢ ᠥᠪᠯᠡᠨ ᠲᠡᠭᠡᠭᠡᠭᠴᠢ 15 ᠠᠷᠠᠳ ᠤᠨ ᠠᠪᠢᠶᠠᠰᠲᠠᠨ ᠣᠷᠣᠯᠴᠠᠭᠰᠠᠨ ᠪᠠᠶᠢᠨ᠎ᠠ᠃
ᠢᠩᠭᠢᠭᠡᠳ ᠤᠷᠤᠯᠳᠤᠭᠠᠨ ᠤ ᠲᠡᠷᠢᠭᠦᠨ ᠪᠠᠶᠢᠷᠢ ᠳᠤ 《ᠵᠠᠬᠠᠴᠢᠨ ᠤᠭᠰᠠᠭᠠᠲᠠᠨ ᠤ ᠠᠮᠠᠨ ᠶᠠᠷᠢᠶ᠎ᠠ》 ︵ᠮᠠᠩᠬᠠᠨ ᠰᠤᠮᠤ ᠠᠴᠠ ᠣᠷᠣᠯᠴᠠᠭᠴᠢ ᠮ ∙ ᠴᠡᠨᠳᠡᠬᠤᠷᠯᠤ︶᠂ ᠳᠡᠳ᠋ ᠪᠠᠶᠢᠷᠢ ᠳᠤ ᠳᠥᠷᠪᠡᠨ ᠤᠭᠰᠠᠭᠠᠲᠠᠨ ᠤ ᠠᠮᠠᠨ ᠶᠠᠷᠢᠶ᠎ᠠ ᠄《ᠪᠠᠭ᠎ᠠ ᠨᠠᠰᠤᠨ ᠤ ᠳᠤᠷᠠᠰᠤᠮᠵᠢ》︵ᠳᠥᠷᠦᠭᠡᠨ ᠰᠤᠮᠤ ᠠᠴᠠ ᠣᠷᠣᠯᠴᠠᠭᠴᠢ ᠰ ∙ ᠳᠡᠵᠢᠳ᠂ ᠡ᠊ ∙ ᠪᠤᠶ᠋ᠨᠲᠤᠭᠲᠠᠬᠤ︶᠂ ᠭᠤᠲᠠᠭᠠᠷ ᠪᠠᠶᠢᠷᠢ ᠳᠤ 《ᠤᠷᠢᠶᠠᠩᠬᠠᠢ ᠡᠬᠡᠨᠡᠷ ᠦᠨ ᠶᠠᠷᠢᠶ᠎ᠠ》︵ᠵᠢᠷᠭᠠᠯᠠᠩᠲᠤ ᠰᠤᠮᠤ ᠠᠴᠠ ᠣᠷᠣᠯᠴᠠᠭᠴᠢ ᠰ ∙ᠬᠣᠷᠯᠣᠰᠦ᠋ᠷᠦᠩ︶᠂ ᠲᠤᠰᠬᠠᠢ ᠪᠠᠶᠢᠷᠢ ᠳᠤ《 ᠳᠦᠷᠪᠡᠳ ᠠᠮᠠᠨ ᠶᠠᠷᠢᠶ᠎ᠠ》︵ᠵᠢᠷᠭᠠᠯᠠᠩᠲᠤ ᠰᠤᠮᠤ ᠠᠴᠠ ᠣᠷᠣᠯᠴᠠᠭᠴᠢ ᠲ ∙ ᠠᠮᠤᠷᠲᠠᠶᠢᠪᠤᠩ︶ ᠲᠤᠰ ᠲᠤᠰ ᠰᠢᠯᠭᠠᠷᠠᠪᠠ᠃