ᠬᠦᠭᠡᠮᠢ ᠶᠢ 《 ᠭᠢᠨᠢᠰ ᠦᠨ ᠨᠣᠮ》 ᠳᠦ ᠪᠦᠷᠢᠳᠬᠡᠭᠦᠯᠦᠭᠰᠡᠨ ᠦ ᠵᠢᠯ ᠦᠨ ᠣᠢ ᠲᠣᠬᠢᠶᠠᠪᠠ  | News.MN

ᠬᠦᠭᠡᠮᠢ ᠶᠢ 《 ᠭᠢᠨᠢᠰ ᠦᠨ ᠨᠣᠮ》 ᠳᠦ ᠪᠦᠷᠢᠳᠬᠡᠭᠦᠯᠦᠭᠰᠡᠨ ᠦ ᠵᠢᠯ ᠦᠨ ᠣᠢ ᠲᠣᠬᠢᠶᠠᠪᠠ 

ᠬᠣᠪᠳᠣ ᠠᠶᠢᠮᠠᠭ ᠲᠤ 1308 ᠬᠦᠭᠡᠮᠢᠴᠢ ᠨᠢᠭᠡᠨ ᠵᠡᠷᠭᠡ ᠬᠦᠭᠡᠮᠢᠯᠡᠵᠦ 《 ᠭᠢᠨᠢᠰ ᠦᠨ ᠨᠣᠮ》 ᠍ ᠳᠦ ᠪᠦᠷᠢᠳᠬᠡᠭᠦᠯᠦᠭᠰᠡᠨ ᠦ ᠨᠢᠭᠡ ᠵᠢᠯ ᠦᠨ ᠣᠢ ᠡᠨᠡ ᠰᠠᠷ᠎ᠠ ᠶᠢᠨ 30 ᠍ ᠳᠦ ᠲᠣᠬᠢᠶᠠᠵᠤ ᠪᠠᠶᠢᠨ᠎ᠠ᠃ ᠬᠣᠪᠳᠣ ᠨᠤᠲᠤᠭ ᠤᠨ ᠵᠣᠨ ᠣᠯᠠᠨ ᠰᠤᠶᠤᠯ ᠤᠨ ᠦᠨᠡᠲᠦ ᠥᠪ ᠪᠣᠯᠤᠭᠰᠠᠨ ᠬᠦᠭᠡᠮᠢ ᠶᠢᠨ ᠤᠷᠠᠯᠢᠭ ᠢᠶᠠᠨ ᠳᠡᠯᠡᠬᠡᠢ ᠶᠢᠨ ᠳᠡᠭᠡᠳᠦ ᠠᠮᠵᠢᠯᠲᠠ ᠳᠤ ᠪᠥᠷᠢᠳᠬᠡᠭᠦᠯᠬᠦ《ᠲᠡᠦᠬᠡᠨ ᠪᠠᠬᠠᠷᠬᠠᠯ ᠤᠨ ᠡᠳᠦᠷ》 ᠦᠢᠯᠡ ᠠᠵᠢᠯᠯᠠᠭ᠎ᠠ ᠶᠢ 2019 ᠣᠨ ᠤ 10 ᠳ᠋ᠤᠭᠠᠷ ᠰᠠᠷ᠎ᠠ ᠶᠢᠨ 30 ᠍ ᠤ ᠡᠳᠦᠷ ᠵᠣᠬᠢᠶᠠᠨ ᠪᠠᠶᠢᠭᠤᠯᠤᠭᠰᠠᠨ ᠲᠡᠦᠬᠡ ᠲᠡᠢ᠃ ᠡᠨᠡ ᠦᠶ᠎ᠡ ᠪᠡᠷ ᠬᠣᠪᠳᠣ ᠠᠶᠢᠮᠠᠭ ᠲᠤ ᠬᠠᠮᠤᠭ ᠤᠨ ᠣᠯᠠᠨ ᠪᠤᠶᠤ 1308 ᠬᠦᠭᠡᠮᠢᠴᠢ ᠨᠢᠭᠡᠨ ᠵᠡᠷᠭᠡ ᠬᠦᠭᠡᠮᠢᠯᠡᠵᠦ᠂  ᠬᠦᠭᠡᠮᠢ ᠶᠢ ᠳᠡᠯᠡᠬᠡᠢ ᠶᠢᠨ ᠳᠡᠭᠡᠳᠦ ᠠᠮᠵᠢᠯᠲᠠ ᠶᠢᠨ ᠭᠠᠶᠢᠬᠠᠮᠰᠢᠭ 《 ᠭᠢᠨᠢᠰ ᠦᠨ ᠨᠣᠮ》 ᠍ ᠳᠦ ᠪᠥᠷᠢᠳᠬᠡᠭᠦᠯᠦᠨ ᠪᠠᠲᠤᠯᠠᠮᠵᠢ ᠪᠠᠨ ᠭᠠᠷᠳᠠᠨ ᠠᠪᠤᠭᠰᠠᠨ᠃
ᠲᠡᠦᠬᠡᠨ ᠪᠠᠬᠠᠷᠬᠠᠯ ᠤᠨ ᠡᠳᠦᠷ ᠦᠨ ᠨᠢᠭᠡ ᠵᠢᠯ ᠦᠨ ᠣᠢ ᠶᠢᠨ ᠪᠠᠶᠠᠷ ᠢ ᠲᠣᠬᠢᠶᠠᠯᠳᠤᠭᠤᠯᠤᠨ ᠬᠣᠪᠳᠣ ᠠᠶᠢᠮᠠᠭ ᠤᠨ ᠬᠥᠭᠵᠢᠮᠲᠦ ᠳ᠋ᠷᠠᠮ ᠤᠨ ᠲᠢᠶᠠᠲ᠋ᠷ ᠤᠨ ᠤᠷᠠᠨ ᠪᠦᠲᠦᠭᠡᠯᠴᠢ᠂ ᠠᠷᠠᠳ ᠤᠨ  ᠠᠪᠢᠶᠠᠰᠲᠠᠳ ᠤᠨ ᠲᠥᠯᠥᠭᠡᠯᠡᠯ 20 ᠭᠠᠷᠤᠢ ᠬᠦᠮᠦᠨ ᠤᠷᠠᠯᠢᠭ ᠤᠨ ᠲᠣᠭᠯᠠᠯᠲᠠ ᠰᠣᠨᠢᠷᠬᠠᠭᠤᠯᠤᠭᠰᠠᠨ ᠶᠤᠮ᠃

ᠰᠡᠳᠬᠢᠭᠳᠡᠯ ᠦᠯᠡᠳᠡᠭᠡᠬᠦ