ᠠᠳᠤᠭᠤᠴᠢᠨ ᠲᠡᠮᠡᠴᠡᠭᠡᠨ ᠵᠣᠬᠢᠶᠠᠨ ᠪᠠᠶᠢᠭᠤᠯᠤᠯ᠎ᠠ  | News.MN

ᠠᠳᠤᠭᠤᠴᠢᠨ ᠲᠡᠮᠡᠴᠡᠭᠡᠨ ᠵᠣᠬᠢᠶᠠᠨ ᠪᠠᠶᠢᠭᠤᠯᠤᠯ᠎ᠠ 

ᠳᠣᠷᠣᠨᠠᠭᠣᠪᠢ ᠠᠶᠢᠮᠠᠭ ᠤᠨ ᠡᠷᠳᠡᠨᠢ ᠰᠤᠮᠤ ᠶᠢᠨ ᠴᠠᠭᠠᠨ ᠬᠥᠲᠥᠯ ᠪᠠᠭ ᠤᠨ ᠮᠢᠩᠭᠠᠲᠤ ᠮᠠᠯᠴᠢᠨ ᠯ ∙ ᠪᠠᠲᠤᠳᠡᠯᠭᠡᠷ ᠠᠬ᠎ᠠ ᠳᠡᠭᠦᠦ ᠬᠠᠮᠢᠶᠠᠲᠠᠨ ᠰᠠᠳᠤᠨ᠂ ᠨᠤᠲᠤᠭ ᠤᠰᠤᠨ ᠤ ᠪᠠᠨ ᠮᠠᠯᠴᠢᠳ ᠲᠠᠢ ᠬᠠᠮᠲᠤᠷᠠᠨ 《ᠠᠳᠤᠭᠤᠴᠢᠨ-2020》 ᠲᠡᠮᠡᠴᠡᠭᠡᠨ ᠢ ᠨᠤᠲᠤᠭ ᠲᠤ ᠪᠠᠨ ᠵᠣᠬᠢᠶᠠᠨ ᠪᠠᠶᠢᠭᠤᠯᠤᠯ᠎ᠠ᠃ ᠲᠡᠮᠡᠴᠡᠭᠡᠨ ᠳᠦ ᠨᠡᠶᠢᠲᠡ 23 ᠠᠳᠤᠭᠤᠴᠢᠨ ᠵᠠᠯᠠᠭᠤᠰ ᠠᠪᠬᠠᠯᠵᠢ ᠰᠠᠮᠪᠠᠭ᠎ᠠ᠂ ᠡᠷ᠎ᠡ ᠶᠢᠨ ᠬᠡᠶᠢᠮᠣᠷᠢ ᠶᠢ ᠦᠵᠡᠭᠦᠯᠦᠨ ᠣᠷᠣᠯᠴᠠᠭᠰᠠᠨ ᠪᠥᠭᠡᠳ ᠨᠤᠲᠤᠭ ᠤᠨ ᠮᠠᠯᠴᠢᠳ ᠠᠴᠠ ᠭᠠᠳᠠᠨ᠎ᠠ ᠳᠤᠮᠳᠠᠭᠤᠪᠢ᠂ ᠭᠤᠪᠢᠰᠦ᠋ᠮᠪᠤᠷ ᠠᠶᠢᠮᠠᠭ ᠠᠴᠠ ᠠᠳᠤᠭᠤᠴᠢᠳ ᠢᠷᠡᠵᠦ ᠣᠷᠣᠯᠴᠠᠵᠠᠢ᠃ ᠲᠠᠰᠢᠭᠤᠷ ᠰᠢᠭᠦᠷᠬᠦ᠂ ᠮᠣᠷᠢ ᠲᠠᠢ ᠤᠷᠭᠠᠯᠠᠬᠤ᠂ ᠶᠠᠪᠠᠭᠠᠨ ᠤᠷᠭᠠᠯᠠᠬᠤ ᠲᠡᠮᠡᠴᠡᠭᠡᠨ ᠦ ᠨᠡᠶᠢᠯᠡᠪᠦᠷᠢ ᠳ᠋ᠦᠩ ᠢᠶᠡᠷ ᠲᠡᠷᠢᠭᠦᠨ ᠪᠠᠶᠢᠷᠢ ᠳᠤ ᠳᠣᠷᠣᠨᠠᠭᠣᠪᠢ ᠠᠶᠢᠮᠠᠭ ᠤᠨ ᠠᠶᠢᠷᠠᠭ ᠰᠤᠮᠤ ᠶᠢᠨ ᠮᠠᠯᠴᠢᠨ ᠲ∙ᠲᠦᠪᠰᠢᠨ-ᠡᠷᠳᠡᠨᠢ ᠳᠣᠯᠣᠭᠠᠨ ᠣᠨᠣᠭ᠎ᠠ ᠪᠠᠷ ᠲᠡᠷᠢᠭᠦᠯᠡᠭᠰᠡᠨ ᠪᠣᠯ ᠳᠤᠮᠳᠠᠭᠤᠪᠢ ᠠᠶᠢᠮᠠᠭ ᠤᠨ ᠪᠠᠶᠠᠨᠵᠢᠷᠭᠠᠯᠠᠩ ᠰᠤᠮᠤ ᠶᠢᠨ ᠠᠳᠤᠭᠤᠴᠢᠨ ᠡᠩᠬᠡ-ᠣᠳᠬᠣᠨ ᠬᠣᠶᠠᠳᠤᠭᠠᠷ ᠪᠠᠶᠢᠷᠢ ᠳᠤ᠂ ᠭᠤᠪᠢᠰᠦ᠋ᠮᠪᠤᠷ ᠠᠶᠢᠮᠠᠭ ᠤᠨ ᠠᠳᠤᠭᠤᠴᠢᠨ ᠣ᠊ ∙ ᠨᠢᠮ᠎ᠠ ᠭᠤᠷᠪᠠᠳᠤᠭᠠᠷ ᠪᠠᠶᠢᠷᠢ ᠳᠤ ᠲᠤᠰ ᠲᠤᠰ ᠰᠢᠯᠭᠠᠷᠠᠯ᠎ᠠ᠃
ᠠᠳᠤᠭᠤᠴᠢᠳ ᠪᠣᠭᠣᠴᠠᠭ᠎ᠠ ᠲᠠᠯᠪᠢᠵᠤ ᠥᠷᠢᠰᠦᠯᠳᠦᠭᠰᠡᠨ ᠪᠥᠭᠡᠳ ᠲᠡᠷᠢᠭᠦᠨ ᠪᠠᠶᠢᠷᠢ ᠶᠢ 《ᠠᠮᠢᠵᠢᠷᠠᠭ᠎ᠠ ᠴᠠᠭᠠᠨ》 ᠨᠡᠷ᠎ᠡ ᠲᠡᠢ ᠠᠦ᠋ᠲ᠋ᠣ᠋ ᠮᠠᠰᠢᠨ᠂ ᠳᠡᠳ᠋ ᠪᠠᠶᠢᠷᠢ ᠶᠢ ᠮᠣᠲ᠋ᠣᠼᠢᠺᠠᠯ᠂ ᠭᠤᠲᠠᠭᠠᠷ ᠪᠠᠶᠢᠷᠢ ᠶᠢ ᠬᠤᠷᠳᠤᠨ ᠤᠳᠤᠮ ᠤᠨ ᠠᠳᠤᠭᠤ ᠪᠠᠷ ᠱᠠᠩᠨᠠᠵᠠᠢ᠃ ᠲᠠᠰᠢᠷᠠᠮ ᠳᠤ ᠳᠤᠷᠠᠳᠬᠤ ᠳᠤ ᠲᠡᠮᠡᠴᠡᠭᠡᠨ ᠢ ᠵᠣᠬᠢᠶᠠᠨ ᠪᠠᠶᠢᠭᠤᠯᠤᠭᠰᠠᠨ ᠡᠷᠳᠡᠨᠢ ᠰᠤᠮᠤ ᠶᠢᠨ ᠴᠠᠭᠠᠨ ᠬᠥᠲᠥᠯ ᠪᠠᠭ ᠤᠨ ᠮᠠᠯᠴᠢᠨ ᠯ ∙ ᠪᠠᠲᠤᠳᠡᠯᠭᠡᠷ 2019 ᠣᠨ ᠳᠤ 1000 ᠭᠠᠷᠤᠢ ᠠᠳᠤᠭᠤ ᠲᠣᠭᠠᠯᠠᠭᠤᠯᠵᠤ ᠰᠤᠮᠤᠨ ᠳᠤ ᠪᠠᠨ ᠠᠳᠤᠭᠤᠨ ᠤ ᠪᠠᠨ ᠲᠣᠭ᠎ᠠ ᠪᠠᠷ ᠲᠡᠷᠢᠭᠦᠯᠡᠭᠰᠡᠨ ᠪᠠᠶᠢᠨ᠎ᠠ᠃

ᠰᠡᠳᠬᠢᠭᠳᠡᠯ ᠦᠯᠡᠳᠡᠭᠡᠬᠦ