ᠵᠠᠯᠠᠭᠤ ᠤᠷᠠᠨ ᠪᠦᠲᠦᠭᠡᠯᠴᠢᠳ 《ᠠᠮᠢᠨ ᠲᠤᠭᠤᠨᠤᠳᠤ》 ᠍ ᠳᠦ ᠨᠢᠭᠡᠳᠪᠡ  | News.MN

ᠵᠠᠯᠠᠭᠤ ᠤᠷᠠᠨ ᠪᠦᠲᠦᠭᠡᠯᠴᠢᠳ 《ᠠᠮᠢᠨ ᠲᠤᠭᠤᠨᠤᠳᠤ》 ᠍ ᠳᠦ ᠨᠢᠭᠡᠳᠪᠡ 

《ᠠᠮᠢᠨ ᠲᠤᠭᠤᠨᠤᠳᠤ》ᠲᠥᠷᠥ ᠶᠢᠨ ᠪᠤᠰᠤ ᠪᠠᠶᠢᠭᠤᠯᠤᠯᠭ᠎ᠠ ᠨᠢ ᠪᠤᠷᠢᠶᠠᠳ ᠤᠳ ᠤᠨ ᠬᠠᠷᠢᠯᠴᠠᠭ᠎ᠠ ᠬᠣᠯᠪᠣᠭ᠎ᠠ ᠶᠢ ᠪᠡᠬᠢᠵᠢᠭᠦᠯᠬᠦ᠂ ᠮᠡᠳᠡᠯᠭᠡ ᠴᠢᠳᠠᠪᠤᠷᠢ ᠶᠢ ᠳᠡᠭᠡᠭᠰᠢᠯᠡᠭᠦᠯᠬᠦ᠂ ᠪᠤᠷᠢᠶᠠᠳ ᠤᠨ ᠲᠤᠬᠠᠢ ᠮᠡᠳᠡᠭᠡᠯᠡᠯ ᠦᠨ ᠰᠠᠩ ᠡᠭᠦᠰᠭᠡᠬᠦ᠂ ᠥᠪ ᠰᠤᠶᠤᠯ᠂ ᠲᠡᠦᠬᠡ᠂ ᠵᠠᠩ ᠵᠠᠩᠰᠢᠯ ᠤᠨ ᠬᠢᠨᠢ ᠲᠤᠬᠠᠢ ᠨᠢᠭᠡᠳᠦᠭᠰᠡᠨ ᠣᠶᠢᠯᠠᠭᠠᠯᠲᠠ ᠲᠣᠭᠲᠠᠭᠠᠵᠤ᠂ ᠲᠦᠭᠡᠭᠡᠨ ᠳᠡᠯᠭᠡᠷᠡᠭᠦᠯᠬᠦ ᠦᠨᠳᠦᠰᠦᠨ ᠵᠣᠷᠢᠯᠭ᠎ᠠ ᠲᠠᠢ ᠃ 10 ᠵᠢᠯ ᠦᠢᠯᠡ ᠠᠵᠢᠯᠯᠠᠭ᠎ᠠ ᠶᠠᠪᠤᠭᠤᠯᠤᠭᠰᠠᠨ ᠲᠤᠰ ᠪᠠᠶᠢᠭᠤᠯᠤᠯᠭ᠎ᠠ ᠤᠷᠠᠨ ᠪᠦᠲᠦᠭᠡᠯᠴᠢᠳ ᠦᠨ ᠬᠠᠮᠲᠤᠷᠠᠭᠰᠠᠨ ᠦᠵᠡᠰᠬᠦᠯᠡᠩ ᠢ ᠵᠣᠬᠢᠶᠠᠨ ᠪᠠᠶᠢᠭᠤᠯᠳᠠᠭ ᠃ ᠲᠣᠳᠣᠷᠠᠭᠤᠯᠪᠠᠯ᠂ 2016-2019 ᠣᠨ ᠤ ᠦᠵᠡᠰᠭᠦᠯᠡᠩ ᠦᠳ  ᠢ ᠡ᠊ ∙ ᠮᠡᠷᠭᠡᠨ ᠲᠡᠷᠢᠭᠦᠯᠡᠨ ᠵᠣᠬᠢᠶᠠᠨ ᠪᠠᠶᠢᠭᠤᠯᠤᠭᠰᠠᠨ ᠪᠣᠯ ᠡᠨᠡ ᠵᠢᠯ ᠵᠢᠷᠤᠭᠠᠴᠢ ᠭ ∙ ᠭᠠᠩᠪᠠᠶᠠᠷ ᠲᠠᠢ ᠬᠠᠮᠲᠤᠷᠠᠵᠠᠢ᠃
ᠥᠨᠥ ᠵᠢᠯ Norphei ᠠᠷᠲ ᠭᠠᠯᠧᠷᠧᠢ ᠳᠦ ᠳᠡᠯᠭᠡᠭᠰᠡᠨ 《ᠠᠮᠢᠨ ᠲᠤᠭᠤᠨᠤᠳᠤ》ᠦᠵᠡᠰᠬᠦᠯᠡᠩ ᠨᠢ ᠪᠤᠷᠢᠶᠠᠳ ᠲᠦᠮᠡᠨ ᠦ ᠰᠤᠶᠤᠯ᠂ ᠤᠯᠠᠮᠵᠢᠯᠠᠯ ᠢ ᠬᠠᠮᠠᠭᠠᠯᠠᠬᠤ᠂ ᠵᠠᠯᠠᠭᠤ ᠤᠷᠠᠨ ᠪᠦᠲᠦᠭᠡᠯᠴᠢᠳ ᠢ ᠳᠡᠮᠵᠢᠬᠦ᠂ ᠣᠯᠠᠨ ᠨᠡᠶᠢᠲᠡ ᠳᠦ ᠲᠠᠨᠢᠭᠤᠯᠬᠤ ᠳᠤ ᠴᠢᠭᠯᠡᠵᠡᠢ᠃ ᠲᠤᠰ ᠦᠵᠡᠰᠬᠦᠯᠡᠩ ᠳᠦ ᠵᠢᠷᠤᠭᠠᠴᠢ ᠬ ∙ ᠤᠤᠭᠠᠨᠪᠠᠶᠠᠷ᠂ ᠪ ∙ ᠲᠡᠮᠦᠵᠢᠨ᠂ ᠮ ∙ ᠴᠡᠷᠮ᠎ᠠ᠂ ᠪ ∙ ᠪᠢᠮᠪᠠᠵᠠᠪ᠂ ᠮ ∙ ᠮᠥᠩᠬᠡᠲᠤᠯᠭ᠎ᠠ᠂ ᠪ ∙ ᠢᠴᠢᠨᠬᠣᠷᠯᠸ᠎ᠠ᠂ ᠭ ∙ ᠭᠠᠩᠪᠠᠶᠠᠷ᠂ ᠪ ∙ ᠡᠩᠬᠡᠵᠤᠯᠠ᠂ ᠪᠠᠷᠢᠮᠠᠯᠴᠢ ᠮ ∙ ᠰᠧᠷᠠᠭᠢ᠂ ᠷ ∙ ᠤᠳᠬᠤᠨᠵᠠᠶᠠᠭ᠎ᠠ᠂ ᠪ ∙ ᠬᠣᠣᠰᠪᠠᠶᠠᠷ ᠨᠠᠷ ᠤᠨ ᠤᠷᠠᠨ ᠪᠦᠲᠦᠭᠡᠯᠴᠢ ᠣᠷᠣᠯᠴᠠᠵᠤ ᠪᠤᠢ᠃

ᠰᠡᠳᠬᠢᠭᠳᠡᠯ ᠦᠯᠡᠳᠡᠭᠡᠬᠦ