ᠯ᠊ · ᠪᠠᠲᠤᠰᠦ᠋ᠬᠡ ᠭᠡᠷᠡᠯ ᠵᠢᠷᠤᠭ ᠤᠨ ᠦᠵᠡᠰᠬᠦᠯᠡᠩ ᠢᠶᠠᠨ ᠭᠠᠷᠭᠠᠪᠠ | News.MN

ᠯ᠊ · ᠪᠠᠲᠤᠰᠦ᠋ᠬᠡ ᠭᠡᠷᠡᠯ ᠵᠢᠷᠤᠭ ᠤᠨ ᠦᠵᠡᠰᠬᠦᠯᠡᠩ ᠢᠶᠠᠨ ᠭᠠᠷᠭᠠᠪᠠ

 

ᠬᠥᠪᠰᠦᠬᠥᠯ ᠠᠢᠢᠮᠠᠭ ᠤᠨ ᠠᠷᠲ ᠭᠠᠯᠸᠷᠸᠢ ᠳ᠋ᠤ ᠭᠡᠷᠡᠯ ᠵᠢᠷᠤᠬᠴᠢᠨ ᠯ᠊·ᠪᠠᠲᠤᠰᠦ᠋ᠬᠡ ᠠᠩᠬᠠᠨ ᠪ ᠪᠡᠶ᠎ᠡ ᠳᠠᠭᠠᠭᠠᠬᠰᠠᠨ ᠦᠵᠡᠰᠬᠦᠯᠡᠩ ᠵᠢᠨᠨ ᠭᠠᠷᠭᠠᠯ᠎ᠠ ᠃ ᠲᠤᠰ ᠦᠵᠡᠰᠬᠦᠯᠡᠩ ᠳ᠋ᠦ ᠬᠥᠪᠰᠦᠬᠥᠯ ᠨᠤᠲᠤᠭ ᠤᠨ ᠪᠠᠢᠢᠭᠠᠯᠢ ᠂ ᠠᠩ ᠠᠮᠢᠲᠠᠨ ᠮᠠᠯ ᠰᠦᠷᠦᠭ ᠂ ᠢᠷᠭᠡᠳ ᠤᠨ ᠠᠵᠤ ᠠᠮᠢᠳᠤᠷᠠᠯ ᠵᠡᠷᠭᠡ ᠵᠡᠷᠭᠡ ᠵᠢ ᠬᠠᠷᠠᠭᠤᠯᠤᠬᠰᠠᠨ 30 ᠭᠠᠷᠤᠢ ᠪᠦᠲᠦᠭᠡᠯ ᠵᠢᠨᠨ ᠳᠡᠯᠭᠡᠨ ᠦᠵᠡᠭᠦᠯᠵᠡᠢ ᠃

ᠯ᠊ · ᠪᠠᠲᠤᠰᠦ᠋ᠬᠡ 6 ᠳ᠋ᠤᠭᠠᠷ ᠠᠩᠬᠢ ᠳᠤ ᠪᠠᠢᠢᠬᠤ ᠳ᠋ᠤ ᠪᠠᠨ ᠭᠡᠷᠡᠯ ᠵᠢᠷᠤᠭ ᠰᠤᠨᠢᠷᠬᠠᠵᠤ ᠡᠬᠢᠯᠡᠭᠰᠡᠨ ᠪᠠᠢᠢᠨ᠎ᠠ᠃ ᠲᠡᠭᠦᠨ ᠪ ᠠᠩᠬᠠᠨ ᠪ ᠪᠡᠶ᠎ᠡ ᠳᠠᠭᠠᠭᠠᠬᠰᠠᠨ ᠦᠵᠡᠰᠬᠦᠯᠡᠩ ᠤᠨ ᠨᠡᠭᠡᠭᠡᠯᠲᠡ ᠳ᠋ᠦ ᠣᠷᠤᠨ ᠨᠤᠲᠤᠭ ᠤᠨ ᠭᠡᠷᠡᠯ ᠵᠢᠷᠤᠬᠴᠢᠳ ᠂ ᠬᠡᠪᠯᠡᠯ ᠮᠡᠳᠡᠭᠡᠯᠡᠯ ᠤᠨ ᠬᠠᠮᠲᠤ ᠣᠯᠠᠨ ᠂ ᠵᠢᠷᠤᠭᠠᠴᠢ ᠤᠷᠠᠴᠤᠳ ᠂ ᠭᠡᠷ ᠪᠦᠯᠢ ᠠᠬ᠎ᠠ ᠳᠡᠭᠦᠦ ᠨᠠᠢᠢᠵᠠ ᠨᠥᠬᠥᠳ ᠨᠢ ᠬᠦᠷᠦᠯᠴᠡᠨ ᠢᠷᠡᠭᠰᠡᠨ ᠪᠠᠢᠢᠯ᠎ᠠ ᠃ ᠲᠡᠷᠡ ᠪᠡᠷ ᠡᠨᠡ ᠰᠠᠷ᠎ᠠ ᠵᠢᠨ 31 ᠂ 11 ᠰᠠᠷ᠎ᠠ ᠵᠢᠨ 1᠎ ᠳ᠋ᠦ ᠤᠯᠠᠭᠠᠨᠪᠠᠭᠠᠲᠤᠷ ᠬᠤᠲᠠ ᠵᠢᠨ ᠮᠤᠩᠭᠤᠯ ᠠᠷᠲ ᠭᠠᠯᠸᠷᠸᠢ ᠳ᠋ᠤ ᠦᠵᠡᠰᠬᠦᠯᠡᠩ ᠵᠢᠨᠨ ᠭᠠᠷᠭᠠᠬᠤ ᠶᠤᠮ᠃

ᠰᠡᠳᠬᠢᠭᠳᠡᠯ ᠦᠯᠡᠳᠡᠭᠡᠬᠦ