ᠡᠮᠦᠨᠡᠭᠤᠪᠢ ᠠᠢᠢᠮᠠᠭ ᠰᠢᠯᠢᠳᠡᠭ ᠨᠤᠮ ᠤᠨ ᠰᠠᠩ ᠲᠠᠢ ᠭᠡᠷ ᠪᠦᠯᠢ ᠪᠡᠨ ᠲᠤᠳᠤᠷᠠᠭᠤᠯᠤᠯ᠎ᠠ | News.MN

ᠡᠮᠦᠨᠡᠭᠤᠪᠢ ᠠᠢᠢᠮᠠᠭ ᠰᠢᠯᠢᠳᠡᠭ ᠨᠤᠮ ᠤᠨ ᠰᠠᠩ ᠲᠠᠢ ᠭᠡᠷ ᠪᠦᠯᠢ ᠪᠡᠨ ᠲᠤᠳᠤᠷᠠᠭᠤᠯᠤᠯ᠎ᠠ

 

ᠡᠮᠦᠨᠡᠭᠤᠪᠢ ᠠᠢᠢᠮᠠᠭ ᠤᠨ ᠲᠥᠪ ᠨᠤᠮ ᠤᠨ ᠰᠠᠩ ᠡᠴᠠ ᠰᠢᠯᠢᠳᠡᠭ ᠨᠤᠮ ᠤᠨ ᠰᠠᠩ ᠲᠠᠢ ᠡᠷᠦᠬᠡ ᠵᠢᠨ ᠤᠷᠤᠯᠳᠤᠭᠠᠨ ᠊ᠢ ᠵᠠᠷᠯᠠᠵᠤ ᠰᠢᠯᠢᠳᠡᠭ ᠵᠢᠨᠨ ᠰᠢᠯᠭᠠᠷᠠᠭᠤᠯᠪᠠ ᠃ ᠨᠤᠮ ᠤᠩᠰᠢᠯᠭ᠎ᠠ ᠵᠢ ᠳᠡᠮᠵᠢᠬᠦ ᠂ ᠡᠷᠦᠬᠡ ᠵᠢᠨ ᠨᠤᠮ ᠤᠨ ᠰᠠᠩ ᠤᠨ ᠰᠠᠩ ᠬᠥᠮᠦᠷᠭᠡ ᠵᠢᠨ ᠪᠠᠶᠠᠵᠢᠯᠲᠠ ᠂ ᠠᠰᠢᠬᠯᠠᠯᠲᠠ ᠡᠮᠬᠢ ᠴᠡᠭᠴᠡ ᠶᠢ ᠰᠠᠢᠢᠵᠢᠷᠠᠭᠤᠯᠵᠤ᠂ ᠤᠯᠠᠮ ᠵᠢᠨᠷ ᠭᠡᠷ  ᠦᠨ ᠰᠢᠯᠢᠳᠡᠭ ᠨᠤᠮ ᠤᠨ ᠰᠠᠩ ᠤᠳ ᠤᠨ ᠲᠤᠷᠰᠢᠯᠭ᠎ᠠ ᠵᠢ ᠣᠯᠠᠨ ᠨᠡᠢᠢᠲᠡ ᠳ᠋ᠦ ᠰᠤᠷᠲᠠᠯᠴᠢᠯᠠᠨ ᠳᠡᠮᠵᠢᠬᠦ ᠵᠤᠷᠢᠯᠭ᠎ᠠ ᠲᠠᠢ ᠃ ᠤᠷᠤᠯᠳᠤᠭᠠᠨ ᠳᠤ14 ᠭᠡᠷ ᠪᠦᠯᠢ ᠣᠷᠤᠯᠴᠠᠬᠰᠠᠨ ᠡᠴᠠ ︽ᠬᠠᠮᠤᠭ ᠤᠨ ᠤᠷᠲᠤ ᠨᠠᠰᠤᠲᠠᠢ ᠪᠠᠶᠠᠯᠢᠭ ᠨᠤᠮ ᠤᠨ ᠰᠠᠩ︾ᠲᠥᠷᠦᠯ ᠳ᠋ᠦ ᠠ᠊·ᠴᠤᠤᠵᠢ ᠂ ᠱ᠊·ᠪᠠᠲᠤᠲᠡᠮᠦᠷ ᠨᠠᠷ ᠤᠨ ᠭᠡᠷ ᠪᠦᠯᠢ ᠲᠤᠳᠤᠷᠠᠬᠰᠠᠨ ᠪᠣᠯ︽ᠬᠠᠮᠤᠭ ᠤᠨ ᠰᠢᠨᠡᠯᠢᠭ ᠨᠤᠮ ᠤᠨ ᠰᠠᠩ︾ᠲᠠᠢ ᠭᠡᠷ ᠪᠦᠯᠢ ᠪᠡᠷ ᠪ᠊ · ᠬᠠᠨᠳᠦᠰᠦ᠋ᠷᠦᠩ ᠂ ᠯ᠊·ᠭᠠᠩᠪᠠᠭᠠᠲᠤᠷ  ᠤᠨ ᠭᠡᠷ ᠪᠦᠯᠢ ᠂ ︽ᠬᠠᠮᠤᠭ ᠤᠨ ᠣᠨᠴᠠᠯᠢᠭ ᠨᠤᠮ ᠤᠨ ᠰᠠᠩ︾ᠲᠥᠷᠦᠯ ᠳ᠋ᠦ ᠫ᠊ · ᠮᠥᠩᠬᠡᠳᠡᠯᠭᠡᠷ ᠤᠨ ᠭᠡᠷ ᠪᠦᠯᠢ ᠲᠤᠰ ᠲᠤᠰ ᠲᠤᠳᠤᠷᠠᠵᠠᠢ ᠃

ᠭᠡᠷ  ᠤᠨ ᠨᠤᠮ ᠤᠨ ᠰᠠᠩ ᠣᠯᠠᠨ ᠲᠠᠯ᠎ᠠ ᠵᠢᠨ ᠲᠤᠰᠠᠲᠠᠢ᠃ ᠴᠢᠯᠦᠭᠡᠲᠦ ᠴᠠᠭ ᠵᠢᠨᠨ ᠭᠡᠷ ᠲᠤ ᠪᠠᠨ ᠲᠤᠬ᠎ᠠ ᠲᠠᠢ ᠠᠶᠤᠯ ᠦᠭᠡᠢ ᠣᠷᠴᠢᠨ ᠳᠤ ᠥᠩᠭᠡᠷᠡᠭᠡᠵᠦ᠂ ᠬᠡᠦᠬᠡᠳ ᠊ᠢ ᠪᠠᠭ᠎ᠠ ᠪᠠᠯᠴᠢᠷ ᠡᠴᠠ ᠨᠢ ᠨᠤᠮ ᠳᠤ ᠬᠠᠢᠢᠷᠠᠲᠠᠢ ᠪᠣᠯᠭᠠᠨ ᠬᠥᠮᠦᠵᠢᠭᠦᠯᠳᠡᠭ ᠪᠠᠢᠢᠨ᠎ᠠ᠃ ᠠ᠊·ᠴᠤᠤᠵᠢ ᠭᠤᠸᠠᠢ ᠭᠡᠬᠦ ᠳ᠋ᠦ 1964 ᠣᠨ ᠡᠴᠠ ᠬᠤᠢᠢᠰᠢ ᠭᠡᠷ ᠤᠨ ᠨᠤᠮ ᠤᠨ ᠰᠠᠩ ᠲᠠᠢ ᠪᠣᠯᠵᠤ ᠂ ᠡᠳᠦᠭᠡ ᠨᠤᠮ ᠤᠨ ᠰᠠᠩ ᠳ᠋ᠤ ᠪᠠᠨ 1400 ᠭᠠᠷᠤᠢ ᠨᠤᠮ ᠲᠠᠢ᠃ ᠡᠭᠦᠨ ᠡᠴᠡ 30 ᠭᠠᠷᠤᠢ ᠨᠢ ᠥᠪᠡᠷ ᠤᠨ ᠪᠢᠴᠢᠵᠦ ᠬᠡᠪᠯᠡᠭᠦᠯᠦᠭᠰᠡᠨ ᠲᠡᠦᠬᠡᠨ ᠨᠤᠮ ᠤᠳ ᠪᠠᠢᠢᠳᠠᠭ ᠃ ᠮᠥᠨ ᠪ᠊·ᠬᠠᠨᠳᠠᠰᠦ᠋ᠷᠦᠩ ᠤᠨ ᠭᠡᠷ ᠪᠦᠯᠢ ᠭᠡᠷ ᠲᠤ ᠪᠠᠨ ᠨᠤᠮ  ᠤᠨ ᠰᠠᠩ ᠤᠨ ᠭᠤᠷᠪᠠᠨ ᠬᠡᠰᠡᠭ ᠲᠠᠢ ᠪᠥᠭᠡᠳ ᠬᠦᠦ ᠬ᠊·ᠪᠠᠲᠤᠵᠤᠯᠪᠤᠭ᠎ᠠ ᠶᠢᠨ ᠬᠤᠪᠢ ᠳᠦ ᠵᠥᠪᠬᠡᠨ ᠪᠣᠯᠪᠠᠰᠤᠷᠠᠯ ᠳᠦ ᠨᠢ ᠵᠤᠷᠢᠭᠤᠯᠤᠬᠰᠠᠨ ᠨᠤᠮ ᠤᠳ ᠊ᠢ ᠴᠤᠭᠯᠠᠭᠤᠯᠤᠭᠰᠠᠨ ᠪᠠᠢᠢᠳᠠᠭ ᠨᠢ ᠪᠤᠰᠤᠳ ᠭᠡᠷ  ᠤᠨ ᠨᠤᠮ ᠤᠨ ᠰᠠᠩ ᠡᠴᠠ ᠣᠨᠴᠠᠯᠢᠭ ᠪᠣᠯᠵᠠᠢ ᠃

ᠰᠡᠳᠬᠢᠭᠳᠡᠯ ᠦᠯᠡᠳᠡᠭᠡᠬᠦ