ᠬᠦᠨᠡᠰᠦ ᠬᠥᠳᠡᠭᠡ ᠠᠵᠤ ᠠᠬᠤᠢ᠂ ᠬᠥᠩᠭᠡᠨ ᠦᠢᠯᠡᠳᠪᠦᠷᠢ ᠵᠢᠨ ᠰᠠᠢᠢᠳ ᠵ᠊ ·ᠮᠡᠨᠳᠦᠰᠠᠢᠢᠬᠠᠨ ᠡᠸᠦ᠋ᠷᠦᠫᠡ ᠵᠢᠨ ᠬᠤᠯᠪᠣᠭᠠᠨ ᠡᠴᠠ ᠮᠤᠩᠭᠤᠯ ᠤᠯᠤᠰ ᠲᠤ ᠰᠠᠭᠤᠭ᠎ᠠ ᠣᠨᠴᠠ ᠪᠥᠭᠡᠳ ᠪᠦᠷᠢᠨ ᠡᠷᠬᠡᠲᠦ ᠡᠯᠴᠢᠨ ᠰᠠᠢᠢᠳ ᠲᠷᠠᠶᠠᠨ ᠯᠠᠤᠷᠸᠨᠼᠢᠦ ᠾᠷᠢᠰᠲ᠋ᠢᠶ᠋ᠸ ᠲᠡᠷᠢᠭᠦᠲᠡᠢ ᠲᠥᠯᠦᠭᠡᠯᠡᠭᠴᠢᠳ ᠊ᠢ ᠥᠨᠦᠳᠦᠷ ᠬᠦᠯᠢᠶᠡᠨ ᠠᠪᠴᠤ ᠠᠭᠤᠯᠵᠠᠯ᠎ᠠ ᠃ ᠠᠭᠤᠯᠵᠠᠯᠲᠠ ᠵᠢᠨ ᠡᠬᠢᠨ ᠳ᠋ᠦ ᠵ᠊ · ᠮᠡᠨᠳᠦᠰᠠᠢᠢᠬᠠᠨ ᠄ ᠮᠤᠩᠭᠤᠯ ᠤᠯᠤᠰ ᠪᠣᠯᠤᠨ ᠡᠸᠦ᠋ᠷᠦᠫᠡ ᠵᠢᠨ ᠬᠤᠯᠪᠣᠭ᠎ᠠ ᠨᠢ ᠤᠯᠤᠰ ᠲᠥᠷᠦ ᠂ ᠡᠳ᠋ ᠦᠨ ᠵᠠᠰᠠᠭ ᠂ ᠪᠣᠯᠪᠠᠰᠤᠷᠠᠯ᠂ ᠰᠤᠶᠤᠯ ᠤᠷᠠᠯᠢᠭ᠂ ᠬᠥᠮᠦᠯᠢᠭ ᠲᠡᠷᠡ ᠳᠤᠮᠳᠠ ᠪᠠᠨ ᠬᠥᠳᠡᠭᠡ ᠠᠵᠤ ᠠᠬᠤᠢ ᠵᠢᠨ ᠰᠠᠯᠪᠤᠷᠢ ᠳᠦ ᠭᠠᠷᠭᠠᠵᠤ ᠪᠤᠢ ᠬᠤᠪᠢ ᠨᠡᠮᠡᠷᠢ ᠳ᠋ᠦ ᠨᠢ ᠲᠠᠯᠠᠷᠬᠠᠯ ᠢᠯᠡᠷᠬᠡᠢᠢᠯᠡᠵᠦ ᠂ ᠬᠥᠳᠡᠭᠡ ᠠᠵᠤ ᠠᠬᠤᠢ ᠵᠢᠨ ᠰᠠᠯᠪᠤᠷᠢ ᠵᠢ ᠡᠳ᠋ ᠤᠨ ᠵᠠᠰᠠᠭ ᠤᠨ ᠬᠥᠭᠵᠢᠯ ᠤᠨ ᠲᠤᠯᠭᠠᠭᠤᠷᠢ ᠰᠠᠯᠪᠤᠷᠢ ᠬᠡᠮᠡᠨ ᠲᠤᠳᠤᠷᠬᠠᠢᠢᠯᠠᠵᠤ ᠂ ᠳᠤᠲᠤᠭᠠᠳᠤ ᠵᠢᠨ ᠬᠡᠷᠡᠭᠴᠡᠭᠡ ᠪᠡᠨ ᠪᠦᠷᠢᠨ ᠬᠠᠩᠭᠠᠵᠤ ᠂ ᠴᠠᠭᠠᠰᠢᠯᠠᠭᠠᠳ ᠡᠺᠰᠫᠣᠷᠲ ᠤᠨ ᠴᠢᠭ ᠪᠠᠷᠢᠮᠵᠢᠶ᠎ᠠ ᠲᠠᠢ ᠬᠥᠭᠵᠢᠭᠦᠯᠬᠦ ᠵᠤᠷᠢᠯᠲᠠ ᠳᠡᠪᠰᠢᠭᠦᠯᠦᠨ ᠠᠵᠢᠯᠯᠠᠵᠤ ᠪᠠᠢᠢᠭ᠎ᠠ ᠵᠢ ᠣᠨᠴᠠᠯᠠᠪᠠ ᠃
ᠮᠦᠨ ᠬᠦᠨᠡᠰᠦᠨ ᠪ ᠣᠷᠭᠠᠨᠢᠭ ᠮᠤᠩᠭᠤᠯ ᠪᠷᠡᠨᠳ᠋ ᠊ᠢ ᠪᠤᠢ ᠪᠣᠯᠭᠠᠨ ᠡᠸᠦ᠋ᠷᠦᠫᠡ ᠵᠢᠨ ᠵᠠᠬ᠎ᠠ ᠵᠡᠭᠡᠯᠢ ᠳ᠋ᠦ ᠭᠠᠷᠭᠠᠬᠤ ᠂ ᠡᠸᠦ᠋ᠷᠦᠫᠡ ᠰᠲ᠋ᠠᠨᠳᠠᠷᠲ ᠊ᠢ ᠨᠤᠲᠤᠬᠰᠢᠭᠤᠯᠬᠤ ᠳ᠋ᠤ ᠲᠧᠭᠨᠢᠭ ᠲᠤᠰᠠᠯᠠᠯᠴᠠᠭ᠎ᠠ ᠠᠪᠬᠤ ᠂ ᠠᠷᠠᠰᠤ ᠰᠢᠷᠢᠨ ᠪ ᠦᠢᠯᠡᠳᠪᠦᠷᠢᠯᠡᠯ ᠤᠨ ᠰᠠᠯᠪᠤᠷᠢ ᠳᠤ ᠥᠷᠢᠰᠦᠯᠳᠦᠬᠦ ᠴᠢᠳᠠᠪᠤᠷᠢ ᠵᠢ ᠳᠡᠭᠡᠭᠰᠢᠯᠡᠭᠦᠯᠬᠦ ᠬᠠᠮᠲᠤᠷᠠᠬᠰᠠᠨ ᠰᠤᠳᠤᠯᠭᠠᠨ ᠪ ᠲᠥᠰᠦᠯ ᠬᠡᠷᠡᠭᠵᠢᠭᠦᠯᠬᠦ᠂ ᠮᠤᠩᠭᠤᠯ ᠤᠯᠤᠰ ᠲᠤ ᠠᠷᠠᠰᠤ ᠰᠢᠷᠢᠨ ᠪ ᠦᠢᠯᠡᠳᠪᠦᠷᠢ ᠵᠢᠨ ᠲᠧᠭᠨᠢᠭ ᠤᠨ ᠦᠢᠯᠡᠴᠢᠯᠡᠭᠡ ᠂ ᠲᠧᠭᠨᠤᠯᠤᠬᠢ ᠳᠠᠮᠵᠢᠭᠤᠯᠬᠤ ᠲᠥᠪ ᠊ᠢ ᠪᠠᠢᠢᠭᠤᠯᠬᠤ ᠳᠤ ᠳᠡᠮᠵᠢᠯᠭᠡ ᠦᠵᠡᠭᠦᠯᠬᠦ ᠂ ᠣᠪᠰᠣ ᠵᠢᠨ ᠴᠢᠴᠠᠷᠭᠠᠨ᠎ᠠ᠂ ᠵᠥᠭᠡᠢ ᠵᠢᠨ ᠪᠠᠯ ᠵᠡᠷᠭᠡ ᠣᠨᠴᠠᠯᠠᠬᠤ ᠪᠦᠲᠦᠭᠡᠭᠳᠡᠬᠦᠨ ᠊ᠢ ᠭᠠᠵᠠᠷ ᠵᠦᠢ ᠵᠢᠨ ᠵᠢᠭᠠᠯᠲᠠ ᠲᠠᠢ ᠵᠢᠬᠰᠠᠭᠠᠯᠲᠠ ᠳᠤ ᠣᠷᠤᠭᠤᠯᠵᠤ ᠂ ᠡᠸᠦ᠋ᠷᠦᠫᠡ ᠵᠢᠨ ᠵᠠᠬ᠎ᠠ ᠵᠡᠭᠡᠯᠢ ᠳ᠋ᠦ ᠡᠺᠰᠫᠣᠷᠲ᠋ᠯᠠᠬᠤ ᠲᠠᠯ᠎ᠠ ᠪᠡᠷ ᠬᠠᠷᠢᠯᠴᠠᠨ ᠰᠠᠨᠠᠯ ᠰᠤᠯᠢᠯᠴᠠᠪᠠ ᠃