ᠴᠠᠬᠳᠠᠭ᠎ᠠ ᠂ ᠳᠤᠲᠤᠭᠠᠳᠤ ᠵᠢᠨ ᠴᠡᠷᠢᠭ ᠤᠨ ᠪᠠᠢᠢᠭᠤᠯᠭ᠎ᠠ ᠵᠢᠨ ᠡᠨᠡ ᠣᠨ ᠪ ᠵᠢᠦᠳᠤᠣ ᠪᠥᠬᠡ ᠵᠢᠨ ᠠᠪᠤᠷᠭᠤ ᠰᠢᠯᠭᠠᠷᠠᠭᠤᠯᠬᠤ ᠲᠡᠮᠡᠴᠡᠭᠡᠨ︽ᠬᠦᠴᠦ︾ᠰᠫᠣᠷᠲ ᠬᠤᠷᠢᠶᠠᠨ ᠪ ᠲᠠᠩᠬᠢᠮ ᠳᠤ ᠵᠤᠬᠢᠶᠠᠨ ᠪᠠᠢᠢᠭᠤᠯᠤᠬᠳᠠᠯᠠ ᠃ ᠲᠤᠰ ᠲᠡᠮᠡᠴᠡᠭᠡᠨ ᠳ᠋ᠦ 33 ᠪᠠᠢᠢᠭᠤᠯᠭ᠎ᠠ ᠵᠢᠨ 210 ᠭᠠᠷᠤᠢ ᠲᠠᠮᠢᠷᠴᠢᠨ ᠠᠪᠬᠠᠯᠵᠢ ᠰᠠᠮᠪᠠᠭ᠎ᠠ ᠪᠠᠨ ᠰᠤᠷᠢᠨ ᠥᠷᠢᠰᠦᠯᠳᠦᠪᠡ ᠃ ᠮᠤᠩᠭᠤᠯ ᠤᠨ ᠵᠢᠦᠳᠤᠣ ᠪᠥᠬᠡ ᠵᠢᠨ ᠬᠤᠯᠪᠤᠭ᠎ᠠ ᠲᠠᠢ ᠬᠠᠮᠲᠤᠷᠠᠨ ᠵᠤᠬᠢᠶᠠᠨ ᠪᠠᠢᠢᠭᠤᠯᠤᠬᠰᠠᠨ ᠲᠤᠰ ᠲᠡᠮᠡᠴᠡᠭᠡᠨ ᠳ᠋ᠦ ᠪᠠᠭ ᠤᠨ ᠳ᠋ᠦᠩ ᠵᠢᠨᠷ ᠨᠢᠭᠡᠳᠦᠭᠡᠷ ᠪᠠᠢᠢᠷᠢ ᠳᠦ ᠡᠷᠭᠢᠭᠦᠯ ᠬᠠᠮᠠᠭᠠᠯᠠᠯᠲᠠ ᠵᠢᠨ ᠭᠠᠵᠠᠷ ᠂ ᠬᠤᠶᠠᠳᠤᠭᠠᠷ ᠪᠠᠢᠢᠷᠢ ᠳᠦ ᠳᠤᠲᠤᠭᠠᠳᠤ ᠵᠢᠨ ᠴᠡᠷᠢᠭ ᠤᠨ 805 ᠳ᠋ᠤᠭᠠᠷ ᠠᠩᠬᠢ ᠂ ᠭᠤᠲᠠᠭᠠᠷ ᠪᠠᠢᠢᠷᠢ ᠳᠤ ᠲᠡᠭᠡᠭᠡᠪᠦᠷᠢ ᠵᠢᠨ ᠴᠠᠬᠳᠠᠭ᠎ᠠ ᠵᠢᠨ ᠠᠯᠪᠠ ᠰᠢᠯᠭᠠᠷᠠᠬᠰᠠᠨ ᠶᠤᠮ ᠃