ᠵ᠊ · ᠵᠠᠮᠢᠶᠠᠨᠰᠦ᠋ᠷᠦᠩ ︽ᠤᠯᠠᠭᠠᠨᠪᠠᠭᠠᠲᠤᠷ︾ ᠺᠢᠨᠣ᠋ ᠨᠠᠭᠠᠳᠤᠮ ᠤᠨ ᠬᠤᠤᠰ ︽ ᠬᠠᠨ ᠭᠠᠷᠤᠳᠢ ︾ ᠱᠠᠩᠨᠠᠯ ᠤᠨ ᠡᠵᠡᠨ ᠪᠣᠯᠪᠠ | News.MN

ᠵ᠊ · ᠵᠠᠮᠢᠶᠠᠨᠰᠦ᠋ᠷᠦᠩ ︽ᠤᠯᠠᠭᠠᠨᠪᠠᠭᠠᠲᠤᠷ︾ ᠺᠢᠨᠣ᠋ ᠨᠠᠭᠠᠳᠤᠮ ᠤᠨ ᠬᠤᠤᠰ ︽ ᠬᠠᠨ ᠭᠠᠷᠤᠳᠢ ︾ ᠱᠠᠩᠨᠠᠯ ᠤᠨ ᠡᠵᠡᠨ ᠪᠣᠯᠪᠠ

 

ᠴᠠᠷ᠎ᠠ ᠲᠠᠬᠤᠯ  ᠤᠨ ᠤᠯᠠᠮ ᠡᠴᠠ ᠣᠯᠠᠨ ᠺᠢᠨᠣ᠋ ᠨᠠᠭᠠᠳᠤᠮ ᠬᠤᠢᠢᠰᠢᠯᠠᠵᠤ ᠂ ᠲᠢᠶᠠᠲ᠋ᠷ ᠤᠳ ᠬᠠᠭᠠᠯᠲᠠ ᠲᠠᠢ ᠪᠠᠢᠢᠬᠰᠠᠨ ᠴᠦ ᠮᠤᠩᠭᠤᠯ ᠤᠨ ᠦᠵᠡᠭᠴᠢᠳ ᠤᠨ ᠴᠠᠩᠭᠠᠭ᠎ᠠ ᠵᠢ ᠲᠠᠢᠢᠯᠵᠤ ︽ ᠤᠯᠠᠭᠠᠨᠪᠠᠭᠠᠲᠤᠷ ︾ ᠣᠯᠠᠨ ᠤᠯᠤᠰ ᠤᠨ ᠺᠢᠨᠣ᠋ ᠠᠷᠪᠠᠨ ᠬᠤᠶᠠᠳᠤᠭᠠᠷ ᠨᠠᠭᠠᠳᠤᠮ ᠡᠨᠡ ᠰᠠᠷ᠎ᠠ ᠵᠢᠨ 19᠎ ᠳ᠋ᠦ ᠨᠠᠢᠢᠷᠠᠭᠤᠯᠤᠬᠴᠢ ᠰ᠊·ᠪᠢᠮᠪᠠ ᠵᠢᠨ︽ᠬᠡᠪᠲᠡᠷᠢ ᠵᠢᠨ ᠬᠥᠮᠦᠨ︾ᠺᠢᠨᠣ᠋ ᠪᠠᠷ ᠨᠡᠭᠡᠭᠡᠯᠲᠡ ᠪᠡᠨ ᠬᠢᠭᠰᠡᠨ ᠪᠢᠯᠡ ᠃ ︽ᠲᠡᠩᠭᠢᠰ︾ᠺᠢᠨᠣ᠋ ᠲᠢᠶᠠᠲ᠋ᠷ ᠲᠤ ᠳᠤᠯᠤᠭ᠎ᠠ ᠬᠤᠨᠤᠭ ᠦᠷᠭᠦᠯᠵᠢᠯᠡᠬᠦ ᠺᠢᠨᠣ᠋ ᠨᠠᠭᠠᠳᠤᠮ  ᠦᠨ ᠬᠦᠷᠢᠶᠡᠨ ᠳ᠋ᠦ ᠥᠴᠦᠭᠡᠳᠦᠷ ᠮᠤᠩᠭᠤᠯ ᠺᠢᠨᠣ᠋ ᠵᠢᠨ ᠤᠷᠤᠯᠳᠤᠭᠠᠨᠲᠤ ᠬᠡᠰᠡᠭ ᠪᠣᠯᠵᠤ ᠂ ︽ ᠬᠠᠨ ᠭᠠᠷᠤᠳᠢ ︾ ᠱᠠᠩᠨᠠᠯ ᠤᠨ ᠡᠵᠡᠳ ᠲᠤᠳᠤᠷᠠᠯ᠎ᠠ ᠃

ᠮᠤᠩᠭᠤᠯ ᠺᠢᠨᠣ᠋ ᠵᠢᠨ ᠤᠷᠤᠯᠳᠤᠭᠠᠨᠲᠤ ᠬᠡᠰᠡᠭ ᠲᠦ ᠨᠠᠢᠢᠷᠠᠭᠤᠯᠤᠬᠴᠢ ᠵ᠊ · ᠵᠠᠮᠢᠶᠠᠨᠰᠦ᠋ᠷᠦᠩ ᠤᠨ ︽ᠬᠦᠬᠦᠭᠡ︾᠂ ᠪ᠊·ᠤᠳᠬᠤᠨᠵᠤᠷᠢᠭ ᠤᠨ︽ᠡᠮᠡᠭᠲᠡᠢ︾᠂ ᠵ᠊·ᠰᠡᠩᠭᠡᠳᠤᠷᠵᠢ ᠶᠢᠨ ︽ ᠭᠡᠷᠭᠡᠢ ︾᠂ ᠭ᠊ · ᠳᠠᠸᠠᠵᠤᠯᠠ ᠶᠢᠨ︽ ᠬᠡᠯᠡ ᠦᠭᠡᠢ ᠵᠢᠮ ︾᠂ ᠣ᠊ · ᠪᠠᠲᠤᠡᠦ᠋ᠯᠵᠡᠢ ᠵᠢᠨ ︽ ᠪᠤᠷᠤᠭᠤ ᠥᠷᠦᠭ ︾ ᠂ ᠪ᠊ ·ᠡᠷᠳᠡᠨᠢᠴᠡᠴᠡᠭ ᠤᠨ ︽ᠡᠵᠢ ᠬᠠᠳᠠᠨ ᠪ ᠳᠤᠮᠤᠭ ︾᠂ ᠲ᠊ · ᠠᠨᠠᠷ  ᠤᠨ ︽ ᠰᠦᠨ ᠵᠠᠮ ᠤᠨ ᠰᠠᠬᠢᠭᠤᠯ ︾ ᠪᠦᠲᠦᠭᠡᠯ ᠤᠳ ᠥᠷᠢᠰᠦᠯᠳᠦᠭᠰᠡᠨ ᠶᠤᠮ ᠃

ᠡᠭᠦᠨ ᠳᠦ︽ᠬᠦᠬᠦᠭᠡ︾ᠺᠢᠨᠣ᠋ ᠵᠢᠨ ᠨᠠᠢᠢᠷᠠᠭᠤᠯᠤᠬᠴᠢ ᠵ᠊·ᠵᠠᠮᠢᠶᠠᠨᠰᠦ᠋ᠷᠦᠩ ᠰᠢᠯᠢᠳᠡᠭ ᠨᠠᠢᠢᠷᠠᠭᠤᠯᠤᠬᠴᠢ ᠪᠡᠷ᠂ ︽ᠬᠦᠬᠦᠭᠡ︾ ᠺᠢᠨᠤ᠋ ᠰᠢᠯᠢᠳᠡᠭ ᠤᠷᠠᠨ ᠰᠠᠢᠢᠬᠠᠨ ᠪ ᠺᠢᠨᠣ᠋ ᠪᠠᠷ ᠰᠢᠯᠭᠠᠷᠠᠭᠰᠠᠨ ᠪᠠᠢᠨ᠎ᠠ᠃ ᠵ᠊ · ᠵᠠᠮᠢᠶᠠᠨᠰᠦ᠋ᠷᠦᠩ  ᠦᠨ ᠳᠡᠭᠦᠦ ᠨᠠᠢᠢᠷᠠᠭᠤᠯᠤᠬᠴᠢ ᠵ᠊ · ᠰᠡᠩᠭᠡᠳᠤᠷᠵᠢ ᠥᠩᠭᠡᠷᠡᠭᠰᠡᠨ ᠵᠢᠯ ︽ᠪᠢ ᠨᠠᠷᠠ︾ ᠬᠡᠦᠬᠡᠳ ᠤᠨ ᠰᠡᠳᠦᠪᠲᠦ ᠺᠢᠨᠣ᠋ ᠪᠠᠷ ᠵᠢᠨᠨ ︽ᠬᠠᠨ ᠭᠠᠷᠤᠳᠢ ︾ ᠱᠠᠩᠨᠠᠯ ᠬᠦᠷᠲᠡᠵᠦ ᠪᠠᠢᠢᠬᠰᠠᠨ ᠶᠤᠮ ᠃

ᠰᠡᠳᠬᠢᠭᠳᠡᠯ ᠦᠯᠡᠳᠡᠭᠡᠬᠦ