ᠮᠤᠩᠭᠤᠯ ᠤᠯᠤᠰ ᠤᠨ ᠶᠡᠬᠡ ᠰᠤᠷᠭᠠᠭᠤᠯᠢ ᠵᠢᠨ ᠨᠤᠮ ᠤᠨ ᠰᠠᠩ ᠤᠨ ᠬᠢᠨ ᠮᠤᠩᠭᠤᠯ ᠪᠢᠴᠢᠭ ᠵᠢᠨᠷ ᠬᠡᠪᠯᠡᠭᠰᠡᠨ ᠬᠤᠪᠣᠷ ᠨᠤᠮ ᠂ ᠪᠦᠲᠦᠭᠡᠯ ᠤᠨ ᠦᠵᠡᠰᠬᠦᠯᠡᠩ ᠊ᠢ ᠥᠴᠦᠭᠡᠳᠦᠷ ᠨᠡᠭᠡᠭᠡᠪᠡ ᠃ ᠡᠯ᠎ᠡ ᠠᠷᠭ᠎ᠠ ᠬᠡᠮᠵᠢᠶ᠎ᠡ ᠨᠢ ᠬᠤᠪᠣᠷ ᠨᠤᠮ ᠪᠦᠲᠦᠭᠡᠯ ᠊ᠢ ᠢᠯᠡᠷᠡᠭᠦᠯᠬᠦ ᠂ ᠰᠤᠷᠲᠠᠯᠴᠢᠯᠠᠬᠤ ᠂ ᠰᠤᠳᠤᠯᠭᠠᠨ ᠪ ᠡᠷᠭᠢᠯᠲᠡ ᠳ᠋ᠦ ᠣᠷᠤᠭᠤᠯᠬᠤ ᠵᠤᠷᠢᠯᠭ᠎ᠠ ᠲᠠᠢ᠃ ᠦᠵᠡᠰᠬᠦᠯᠡᠩ ᠳ᠋ᠦ ᠬᠤᠪᠣᠷ 399 ᠂ ᠮᠤᠩᠭᠤᠯ ᠪᠢᠴᠢᠭ ᠵᠢᠨᠷ ᠬᠡᠪᠯᠡᠭᠰᠡᠨ 600 ᠨᠤᠮ ᠊ᠢ ᠳᠡᠯᠭᠡᠪᠡ ᠃ ᠮᠥᠨ ᠮᠤᠩᠭᠤᠯ ᠬᠡᠯᠡ ᠰᠢᠨᠵᠢᠯᠡᠯ ᠂ ᠲᠡᠦᠬᠡ ᠂ ᠹᠢᠯᠤᠰᠤᠹᠢ ᠂ ᠱᠠᠰᠢᠨ ᠰᠤᠳᠤᠯᠤᠯ ᠤᠨ ᠲᠠᠩᠬᠢᠮ ᠳ᠋ᠤ ᠬᠠᠳᠠᠭᠠᠯᠠᠵᠤ ᠪᠤᠢ 95 ᠪᠦᠲᠦᠭᠡᠯ ᠊ᠢ ᠲᠠᠨᠢᠯᠴᠠᠭᠤᠯᠵᠠᠢ ᠃ ᠲᠤᠬᠠᠢᠢᠯᠠᠪᠠᠯ ᠂ 1909 ᠣᠨ ᠳᠤ ᠬᠠᠷᠪᠢᠨ ᠳᠤ ᠮᠤᠩᠭᠤᠯ ᠬᠡᠯᠡ ᠪᠡᠷ ᠭᠠᠷᠭᠠᠬᠰᠠᠨ ︽ᠮᠤᠩᠭᠤᠯ ᠤᠨ ᠰᠤᠨᠢᠨ ᠪᠢᠴᠢᠭ ︾ ᠰᠤᠨᠢᠨ ᠪ 260 ᠭᠠᠷᠤᠢ ᠳ᠋ᠤᠭᠠᠷ ᠊ᠢ ᠭᠠᠷ ᠵᠢᠨᠷ ᠬᠠᠭᠤᠯᠪᠤᠷᠢᠯᠠᠵᠤ ᠂ ᠪᠢᠴᠢᠭ ᠤᠨ ᠮᠠᠰᠢᠨ ᠵᠢᠨᠷ ᠺᠢᠷᠢᠯ ᠦᠰᠦᠭ ᠲᠦ ᠪᠠᠭᠤᠯᠭᠠᠬᠰᠠᠨ ᠊ᠢ ᠳᠡᠯᠭᠡᠨ ᠬᠠᠷᠢᠭᠤᠯᠪᠠ ᠃ 1975 – 1979 ᠣᠨ ᠳᠤ ᠡᠨᠡᠳᠬᠡᠭ ᠤᠨ ᠰᠤᠶᠤᠯ ᠤᠨ ᠬᠤᠷᠢᠶᠠᠨ ᠳᠤ ᠬᠡᠪᠯᠡᠭᠰᠡᠨ ᠤᠢᠢᠭᠤᠷᠵᠢᠨ ᠪᠢᠴᠢᠭ ᠪᠦᠬᠦᠢ ︽ ᠮᠤᠩᠭᠤᠯ ᠭᠠᠨᠵᠤᠤᠷ ︾ 83 ᠪᠣᠳᠢ ᠂ ᠪᠡᠭᠡᠵᠢᠩ ᠳ᠋ᠦ ᠭᠠᠷᠭᠠᠬᠰᠠᠨ ︽ ᠬᠢᠲᠠᠳ ᠭᠠᠨᠵᠤᠤᠷ ︾168 ᠪᠣᠳᠢ ᠨᠤᠮ ᠂ ᠬᠢᠲᠠᠳ ᠪᠠᠷ ᠤᠨ︽ ᠪᠠᠨᠽᠠᠷᠠᠬᠴᠠ ᠰᠤᠳᠤᠷ ︾ ᠵᠡᠷᠭᠡ ᠬᠤᠪᠣᠷ ᠪᠦᠲᠦᠭᠡᠯ ᠊ᠢ ᠲᠠᠨᠢᠯᠴᠠᠭᠤᠯᠤᠯ᠎ᠠ ᠃
ᠮᠤᠩᠭᠤᠯ ᠤᠯᠤᠰ ᠤᠨ ᠶᠡᠬᠡ ᠰᠤᠷᠭᠠᠭᠤᠯᠢ ᠵᠢᠨ ᠨᠤᠮ ᠤᠨ ᠰᠠᠩ ᠤᠨ ᠵᠠᠬᠢᠷᠤᠯ ᠭ᠊ · ᠴᠡᠷᠢᠨ ᠄ ᠮᠠᠨ ᠪ ᠨᠤᠮ ᠤᠨ ᠰᠠᠩ ᠤᠨ ᠬᠤᠪᠣᠷ ᠨᠤᠮ ᠪᠣᠯᠤᠨ ᠮᠤᠩᠭᠤᠯ ᠪᠢᠴᠢᠭ ᠵᠢᠨᠷ ᠬᠡᠪᠯᠡᠭᠰᠡᠨ ᠪᠦᠲᠦᠭᠡᠯ ᠤᠳ ᠊ᠢ ᠠᠩᠬ᠎ᠠ ᠤᠳᠠᠭ᠎ᠠ ᠣᠯᠠᠨ ᠨᠡᠢᠢᠲᠡ ᠳ᠋ᠦ ᠲᠠᠨᠢᠯᠴᠠᠭᠤᠯᠵᠤ ᠪᠤᠢ ᠃ ᠡᠳᠡᠭᠡᠷ ᠨᠤᠮ ᠂ ᠲᠤᠪᠬᠢᠮᠠᠯ ᠨᠢ ᠤᠢᠢᠭᠤᠷᠵᠢᠨ ᠮᠤᠩᠭᠤᠯ ᠪᠢᠴᠢᠭ ᠵᠢᠨᠷ ᠬᠡᠪᠯᠡᠭᠰᠡᠨ ᠭᠡᠳᠡᠭ ᠵᠢᠨᠷ ᠵᠢᠨᠨ ᠤᠨᠴᠠᠯᠢᠭ ᠃ ᠮᠤᠩᠭᠤᠯ ᠤᠯᠤᠰ ᠤᠨ ᠥᠭᠡᠷ᠎ᠡ ᠠᠯᠢ ᠴᠦ ᠨᠤᠮ ᠤᠨ ᠰᠠᠩ ᠳᠤ ᠪᠠᠢᠢᠬᠤ ᠦᠭᠡᠢ ᠂ ᠡᠷᠲᠡᠨ ᠪ ᠨᠠᠨᠳᠢᠨ 30 – 40 ᠨᠤᠮ ᠂ ᠲᠤᠪᠬᠢᠮᠠᠯ ᠮᠠᠨ ᠪ ᠳᠤ ᠪᠤᠢ ᠃ ᠡᠭᠦᠨ ᠡᠴᠡ ᠭᠠᠳᠠᠨ᠎ᠠ ᠮᠤᠩᠭᠤᠯ ᠤᠯᠤᠰ ᠤᠨ ᠶᠡᠬᠡ ᠰᠤᠷᠭᠠᠭᠤᠯᠢ ᠮᠤᠩᠭᠤᠯ ᠪᠢᠴᠢᠭ ᠤᠨ ᠤᠩᠰᠢᠯᠭ᠎ᠠ ᠵᠢᠨ ᠲᠠᠩᠬᠢᠮ ᠨᠡᠭᠡᠭᠡᠵᠦ ᠪᠤᠢ ᠵᠢ ᠳᠤᠭᠤᠯᠭᠠᠶ᠎ᠠ ︾ ᠭᠡᠪᠡ ᠃