ᠰᠤᠳᠤᠯᠤᠭᠠᠴᠢᠳ ᠰᠢᠳᠦ ᠦᠭᠡᠢ᠂ ᠥᠳᠦ ᠰᠦᠳᠦ ᠲᠠᠢ᠂ ᠤᠷᠳᠤ ᠮᠦᠴᠢᠨ ᠳᠦ ᠪᠡᠨ ᠶᠡᠷᠦ ᠳ᠋ᠦ ᠪᠡᠨ ᠬᠤᠶᠠᠷ ᠬᠤᠷᠤᠭᠤ ᠲᠠᠢ ᠥᠯᠭᠡ ᠭᠦᠷᠪᠡᠯ ᠤᠨ ᠮᠠᠰᠢ ᠶᠡᠷᠦ ᠪᠤᠰᠤ ᠵᠢᠨ ᠰᠢᠨ᠎ᠡ ᠲᠥᠷᠦᠯ ᠵᠦᠢᠯ ᠊ᠢ ᠣᠯᠵᠤ ᠢᠯᠡᠷᠡᠭᠦᠯᠵᠡᠢ᠃ ᠡᠳᠡᠭᠡᠷ ᠥᠯᠭᠡ ᠭᠦᠷᠪᠡᠯ ᠦᠳ ᠨᠢ ᠭᠠᠳᠠᠭᠠᠳᠤ ᠲᠥᠷᠬᠦ ᠪᠡᠷ ᠵᠢᠨᠨ ᠠᠪᠤᠷᠭᠤ ᠲᠤᠮᠣ ᠲᠤᠳᠢ ᠰᠢᠪᠠᠭᠤ ᠲᠠᠢ ᠲᠥᠰᠲᠡᠢ ᠪᠠᠢᠢᠬᠰᠠᠨ ᠭᠡᠵᠦ ᠡᠷᠳᠡᠮᠲᠡᠳ ᠲᠠᠭᠠᠮᠠᠬᠯᠠᠵᠤ ᠪᠠᠢᠢᠭ᠎ᠠ ᠶᠤᠮ᠃ ᠥᠯᠭᠡ ᠭᠦᠷᠪᠡᠯ ᠤᠨ ᠰᠢᠨ᠎ᠡ ᠲᠥᠷᠦᠯ ᠵᠦᠢᠯ ᠤᠨ ᠲᠠᠯ᠎ᠠ ᠪᠡᠷ ᠬᠢ ᠲᠠᠢᠢᠯᠪᠤᠷᠢ ᠵᠢ Royal Society Open Science ᠰᠢᠨᠵᠢᠯᠡᠬᠦ ᠤᠬᠠᠭᠠᠨ ᠪ ᠰᠡᠳᠬᠦᠯ ᠳ᠋ᠦ ᠨᠡᠢᠢᠲᠡᠯᠡᠵᠡᠢ ᠃
ᠰᠢᠨ᠎ᠡ ᠲᠥᠷᠦᠯ ᠵᠦᠢᠯ ᠊ᠢ ᠠᠯᠲᠠᠢ ᠵᠢᠨ ᠳᠤᠮᠤᠭ ᠲᠤ ᠭᠠᠷᠳᠠᠭ ᠳᠦᠷᠢ ᠪᠣᠯᠬᠤ ︽ᠤᠺᠰᠤᠺᠤ︾ᠬᠡᠮᠡᠬᠦ ᠭᠤᠷᠪᠠᠨ ᠲᠤᠯᠤᠭᠠᠢᠢᠲᠤ ᠪᠦᠷᠭᠦᠳ ᠤᠨ ᠨᠡᠷ᠎ᠡ ᠪᠡᠷ Oksoko avarsan ᠬᠡᠮᠡᠨ ᠨᠡᠷᠡᠯᠡᠭᠰᠡᠨ ᠪᠠᠢᠢᠨ᠎ᠠ᠃ ᠡᠨᠡ ᠨᠢ ᠭᠠᠪᠠᠯᠠ ᠵᠢᠨ ᠭᠤᠷᠪᠠᠨ ᠶᠠᠰᠤ ᠵᠢ ᠬᠠᠮᠲᠤ ᠳᠤ ᠨᠢ ᠤᠯᠤᠭᠰᠠᠨ ᠲᠠᠢ ᠬᠤᠯᠪᠣᠭᠠᠲᠠᠢ ᠪᠣᠯ ᠨᠡᠷ᠎ᠡ ᠵᠢᠨ ᠬᠤᠶᠠᠳᠠᠬᠢ ᠬᠡᠰᠡᠭ ᠨᠢ ᠮᠤᠩᠭᠤᠯ ᠵᠢᠨᠷ︽ ᠠᠪᠤᠷᠠᠬᠳᠠᠬᠰᠠᠨ︾ᠭᠡᠬᠦ ᠤᠳᠬ᠎ᠠ ᠲᠠᠢ ᠪᠥᠭᠡᠳ ᠣᠯᠳᠠᠪᠤᠷᠢ ᠵᠢ ᠬᠠᠤᠯᠢ ᠪᠤᠰᠤ ᠪᠡᠷ ᠮᠠᠯᠲᠠᠯᠭ᠎ᠠ ᠬᠢᠭᠴᠢᠳ ᠡᠴᠡ ᠠᠪᠤᠷᠠᠬᠰᠠᠨ ᠤᠴᠢᠷ ᠡᠴᠠ ᠡᠢᠢᠨ ᠬᠦ ᠨᠡᠷᠡᠯᠡᠵᠡᠢ ᠃
ᠰᠤᠳᠤᠯᠤᠭᠠᠴᠢᠳ ︽ᠤᠺᠰᠤᠺᠤ︾ᠨᠢ ᠬᠤᠶᠠᠷ ᠮᠧᠲ᠋ᠷ ᠤᠨ ᠤᠷᠲᠤ ᠪᠡᠶ᠎ᠡ ᠲᠠᠢ ᠂ ᠬᠤᠯᠢᠮᠠᠭ ᠲᠡᠵᠢᠭᠡᠯᠲᠡᠨ ᠠᠮᠢᠲᠠᠨ ᠪᠠᠢᠢᠬᠰᠠᠨ ᠭᠡᠵᠦ ᠲᠠᠭᠠᠮᠠᠬᠯᠠᠵᠤ ᠪᠠᠢᠢᠨ᠎ᠠ ᠃ ᠡᠨᠡ ᠦᠯᠭᠡ ᠭᠦᠷᠪᠡᠯ ᠨᠢ ᠲᠤᠳᠢ ᠰᠢᠭ᠋ ᠰᠢᠳᠦ ᠦᠭᠡᠢ ᠂ ᠲᠤᠮᠣ ᠬᠤᠰᠢᠭᠤ ᠲᠠᠢ ᠪᠠᠢᠢᠬᠰᠠᠨ ᠪᠥᠭᠡᠳ ᠤᠷᠳᠤ ᠮᠥᠴᠢ ᠲᠤᠰ ᠪᠦᠷᠢ ᠳ᠋ᠦ ᠶᠡᠷᠦ ᠳ᠋ᠦ ᠪᠡᠨ ᠬᠤᠶᠠᠷ ᠬᠤᠷᠤᠭᠤ ᠲᠠᠢ᠂ ᠭᠤᠷᠪᠠᠳᠠᠬᠢ ᠬᠤᠷᠤᠭᠤ ᠨᠢ ᠳᠤᠲᠠᠭᠤ ᠬᠥᠭᠵᠢᠯ ᠲᠠᠢ ᠬᠡᠯᠪᠡᠷᠢ ᠪᠡᠷ ᠵᠢᠨᠨ ᠦᠯᠡᠳᠡᠭᠰᠡᠨ ᠪᠠᠢᠢᠨ᠎ᠠ ᠃ ᠡᠨᠡ ᠬᠦ ᠣᠯᠳᠠᠪᠤᠷᠢ ᠨᠢ 68 ᠰᠠᠶ᠎ᠠ ᠣᠷᠴᠢᠮ ᠵᠢᠯ ᠦᠨ ᠨᠠᠰᠤᠲᠠᠢ ᠠᠵᠠᠢ᠃ ᠰᠤᠳᠤᠯᠭᠠᠨ ᠳᠤ ᠶᠡᠬᠡ ᠪᠠᠷᠢᠲ᠋ᠠᠨ ᠪ ᠡᠷᠳᠡᠮᠲᠡᠳ ᠡᠴᠡ ᠭᠠᠳᠠᠨ᠎ᠠ ᠂ ᠺᠠᠨᠠᠳᠠ ᠂ ᠶᠠᠫᠤᠨ ᠂ ᠮᠤᠩᠭᠤᠯ ᠤᠨ ᠡᠷᠳᠡᠮᠲᠡᠳ ᠣᠷᠤᠯᠴᠠᠵᠠᠢ ᠃