ᠮᠤᠩᠭᠤᠯ ᠤᠯᠤᠰ ᠤᠨ ᠶᠡᠬᠡ ᠬᠤᠷᠠᠯ ᠤᠨ ᠳᠠᠷᠤᠭ᠎ᠠ ᠭ᠊ · ᠽᠠᠨᠳᠠᠨᠰᠢᠲᠠᠷ᠎ᠠ︽ᠮᠤᠩᠭᠤᠯ ᠤᠨ ᠨᠢᠭᠤᠴᠠ ᠲᠤᠪᠴᠢᠶᠠᠨ︾ ᠪᠦᠲᠦᠭᠡᠯ ᠲᠤᠭᠤᠷᠪᠢᠬᠴᠢ ᠂ ᠬᠡᠯᠡ ᠰᠢᠨᠵᠢᠯᠡᠯ ᠤᠨ ᠤᠬᠠᠭᠠᠨ ᠪ ᠳ᠋ᠤᠺᠲ᠋ᠤᠷ ᠂ ᠫᠷᠤᠹᠧᠰᠰᠤᠷ ᠪ᠊·ᠰᠤᠮᠢᠶᠠᠪᠠᠭᠠᠲᠤᠷ ᠢ ᠬᠦᠯᠢᠶᠡᠨ ᠠᠪᠴᠤ ᠠᠭᠤᠯᠵᠠᠯ᠎ᠠ᠃︽ᠮᠤᠩᠭᠤᠯ ᠤᠨ ᠨᠢᠭᠤᠴᠠ ᠲᠤᠪᠴᠢᠶᠠᠨ︾ᠪᠦᠲᠦᠭᠡᠯ ᠨᠢ ᠫᠷᠤᠹᠧᠰᠰᠤᠷ ᠪ᠊ · ᠰᠤᠮᠢᠶᠠᠪᠠᠭᠠᠲᠤᠷ ᠤᠨ ᠨᠢᠭᠡᠨ ᠵᠢᠷᠠᠨ ᠪ ᠪᠦᠲᠦᠭᠡᠯ ᠲᠤᠭᠤᠷᠪᠢᠯ ᠪᠥᠭᠡᠳ ᠨᠢᠭᠤᠴᠠ ᠲᠤᠪᠴᠢᠶᠠᠨ ᠪ ᠬᠥᠷᠪᠡᠭᠦᠯᠭᠡ᠂ ᠣᠷᠴᠢᠭᠤᠯᠭ᠎ᠠ ᠵᠢᠨ ᠲᠠᠯ᠎ᠠ ᠪᠡᠷ ᠬᠢ ᠡᠷᠲᠡᠨ ᠡᠴᠡ ᠡᠳᠦᠭᠡ ᠬᠦᠷᠲᠡᠯᠡᠬᠢ ᠠᠷᠪᠢᠨ ᠪᠠᠶᠠᠯᠢᠭ ᠡᠬᠢ ᠰᠤᠷᠪᠤᠯᠵᠢ ᠵᠢᠨ ᠡᠭᠡᠳᠡᠷᠡᠭᠡᠨ ᠲᠠᠢ ᠠᠰᠠᠭᠤᠳᠠᠯ ᠊ᠢ ᠨᠢᠭᠡ ᠮᠥᠷ ᠪᠣᠯᠭᠠᠬᠤ ᠵᠢᠨ ᠵᠡᠷᠭᠡᠴᠡᠭᠡ ᠰᠢᠨ᠎ᠡ ᠨᠡᠭᠡᠭᠡᠯᠲᠡ ᠂ ᠬᠤᠪᠣᠷ ᠪᠠᠷᠢᠮᠲᠠ ᠂ ᠪᠦᠷᠢᠨ ᠰᠤᠳᠤᠯᠭ᠎ᠠ ᠵᠢ ᠬᠠᠮᠤᠷᠤᠭᠤᠯᠤᠬᠰᠠᠨ ᠴᠤᠬᠴᠠ ᠪᠦᠲᠦᠭᠡᠯ ᠪᠣᠯᠤᠬᠰᠠᠨ ᠪᠠᠢᠢᠨ᠎ᠠ ᠃ ᠡᠨᠡ ᠬᠦ ᠨᠤᠮ ᠨᠢ А – 4 ᠶᠢᠨ ᠹᠣᠷᠮᠠᠲ ᠵᠢᠨᠷ 2262 ᠬᠠᠭᠤᠳᠠᠰᠤ ᠲᠠᠢ ᠂ 20 см ᠵᠤᠵᠠᠭᠠᠨ ᠂ 6.0 ᠺᠢᠯᠦᠭᠷᠡᠮ ᠵᠢᠩ ᠲᠠᠢ ᠮᠤᠩᠭᠤᠯ ᠦᠨ ᠬᠠᠮᠤᠭ ᠤᠨ ᠲᠤᠮᠣ ᠨᠤᠮ ᠪᠣᠯᠬᠤ ᠶᠤᠮ ᠃
ᠨᠤᠮ ᠳᠤ︽ᠮᠤᠩᠭᠤᠯ ᠤᠨ ᠨᠢᠭᠤᠴᠠ ᠲᠤᠪᠴᠢᠶᠠᠨ︾ᠪ ᠦᠭᠡ ᠵᠢᠨ ᠦᠨᠳᠦᠰᠦᠨ ᠬᠡᠯᠪᠡᠷᠢ ᠂ ᠢᠵᠠᠭᠤᠷ ᠰᠠᠨᠠᠭ᠎ᠠ ᠵᠢ ᠰᠢᠨ᠎ᠡ ᠪᠡᠷ ᠬᠥᠷᠪᠡᠭᠦᠯᠵᠦ ᠂ ᠠᠩᠬᠠᠨ ᠪ ᠬᠤᠳᠤᠮ ᠦᠰᠦᠭ ᠤᠨ ᠬᠡᠳᠦ ᠬᠡᠳᠦᠨ ᠬᠤᠪᠢᠯᠪᠤᠷᠢ ᠨᠤᠭᠤᠳ ᠤᠨ ᠡᠬᠡ᠂ ᠭᠠᠯᠢᠭ ᠊ᠢ ᠰᠤᠳᠤᠯᠵᠤ᠂ ᠮᠤᠩᠭᠤᠯ ᠬᠦᠷᠪᠡᠭᠦᠯᠭᠡ ᠳᠦ ᠪᠤᠢ ᠠᠯᠳᠠᠭ᠎ᠠ ᠵᠢ ᠲᠡᠭᠦᠵᠦ ᠭᠠᠷᠭᠠᠬᠤ ᠵᠢᠨ ᠵᠡᠷᠭᠡᠴᠡᠭᠡ ︽ᠮᠤᠩᠭᠤᠯ ᠤᠨ ᠨᠢᠭᠤᠴᠠ ᠲᠤᠪᠴᠢᠶᠠᠨ︾ᠪ ᠨᠡᠪᠲᠡᠷᠬᠡᠢ ᠲᠤᠯᠢ ᠵᠢ ᠪᠠᠬᠲᠠᠭᠠᠬᠰᠠᠨ ᠪᠠᠢᠢᠨ᠎ᠠ ᠃ ᠪᠦᠲᠦᠭᠡᠯ ᠨᠢ ᠠᠭᠤᠯᠭ᠎ᠠ ᠪᠡᠷ ᠵᠢᠨᠨ ᠴᠦ ᠂ ᠬᠡᠯᠪᠡᠷᠢ ᠬᠡᠮᠵᠢᠶ᠎ᠡ ᠪᠡᠷ ᠵᠢᠨᠨ ᠴᠦ ᠲᠤᠮᠣ ᠪᠥᠭᠡᠳ ︽ᠮᠤᠩᠭᠤᠯ ᠤᠨ ᠨᠢᠭᠤᠴᠠ ᠲᠤᠪᠴᠢᠶᠠᠨ︾ᠰᠤᠳᠤᠯᠤᠯ ᠊ᠢ ᠨᠢᠭᠡᠨ ᠱᠠᠲᠤ ᠠᠬᠢᠭᠤᠯᠤᠬᠰᠠᠨ ᠬᠡᠮᠡᠨ ᠰᠤᠳᠤᠯᠤᠭᠠᠴᠢᠳ ᠦᠵᠡᠵᠦ ᠪᠠᠢᠢᠨ᠎ᠠ ᠃ ᠡᠨᠡ ᠵᠢᠯ ︽ ᠮᠤᠩᠭᠤᠯ ᠤᠨ ᠨᠢᠭᠤᠴᠠ ᠲᠤᠪᠴᠢᠶᠠᠨ︾ ᠪ 780 ᠵᠢᠯ ᠤᠨ ᠣᠢ ᠲᠤᠬᠢᠶᠠᠵᠤ ᠪᠠᠢᠢᠭ᠎ᠠ ᠃ ᠲᠡᠢᠢᠮᠦ ᠡᠴᠡ ᠡᠵᠡᠨ ᠪᠣᠬᠳᠠ ᠴᠢᠩᠭᠢᠰ ᠬᠠᠭᠠᠨ ᠪ ᠮᠡᠨᠳᠦᠯᠡᠭᠰᠡᠨ ᠡᠳᠦᠷ ᠪᠤᠶᠤ 11 ᠳ᠋ᠤᠭᠡᠷ ᠰᠠᠷ᠎ᠠ ᠵᠢᠨ 16 ᠡᠴᠠ ᠡᠮᠦᠨ᠎ᠡ ᠡᠨᠡ ᠬᠦ ᠪᠦᠲᠦᠭᠡᠯ ᠊ᠢ ᠬᠡᠪᠯᠡᠨ ᠂ ᠨᠡᠢᠢᠲᠡ ᠵᠢᠨ ᠬᠦᠷᠲᠡᠭᠡᠯ ᠪᠣᠯᠭᠠᠬᠤ ᠨᠢ ᠵᠦᠢᠲᠡᠢ ᠭᠡᠵᠦ ᠦᠵᠡᠵᠦ ᠪᠠᠢᠢᠭ᠎ᠠ ᠪᠠᠨ ᠤᠯᠤᠰ ᠤᠨ ᠶᠡᠬᠡ ᠬᠤᠷᠠᠯ ᠤᠨ ᠳᠠᠷᠤᠭ᠎ᠠ ᠭ᠊ · ᠽᠠᠨᠳᠠᠨᠰᠢᠲᠠᠷ᠎ᠠ ᠢᠯᠡᠷᠬᠡᠢᠢᠯᠡᠯ᠎ᠡ ᠃ ᠡᠭᠦᠨ ᠲᠠᠢ ᠬᠤᠯᠪᠣᠬᠳᠠᠭᠤᠯᠤᠨ ᠨᠤᠮ ᠊ᠢ ᠬᠡᠪᠯᠡᠬᠦ ᠵᠠᠷᠤᠳᠠᠯ ᠊ᠢ ᠰᠢᠢᠳᠪᠦᠷᠢᠯᠡᠬᠦ ᠂ ᠲᠦᠭᠡᠭᠡᠨ ᠰᠤᠷᠲᠠᠯᠴᠢᠯᠠᠬᠤ ᠳ᠋ᠤ ᠳᠡᠮᠵᠢᠬᠦ ᠪᠡᠨ ᠠᠮᠠᠯᠠᠯ᠎ᠠ ᠃