︽ᠬᠡᠪᠲᠡᠷᠢ ᠵᠢᠨ ᠬᠥᠮᠦᠨ︾ᠺᠢᠨᠣ᠋ ᠨᠡᠭᠡᠭᠡᠯᠲᠡ ᠪᠡᠨ ᠬᠢᠨ᠎ᠡ | News.MN

︽ᠬᠡᠪᠲᠡᠷᠢ ᠵᠢᠨ ᠬᠥᠮᠦᠨ︾ᠺᠢᠨᠣ᠋ ᠨᠡᠭᠡᠭᠡᠯᠲᠡ ᠪᠡᠨ ᠬᠢᠨ᠎ᠡ

ᠨᠠᠢᠢᠷᠠᠭᠤᠯᠤᠬᠴᠢ ᠰ᠊ · ᠪᠢᠮᠪᠠ ᠵᠢᠨ ︽ᠬᠡᠪᠲᠡᠷᠢ ᠵᠢᠨ ᠬᠥᠮᠦᠨ︾ ᠺᠢᠨᠣ᠋ ᠢᠷᠡᠬᠦ ᠰᠠᠷ᠎ᠠ ᠵᠢᠨ 20᠎ ᠳ᠋ᠦ ᠨᠡᠭᠡᠭᠡᠯᠲᠡ ᠪᠡᠨ ᠬᠢᠬᠦ ᠪᠡᠷ ᠪᠣᠯᠵᠠᠢ᠃ ᠲᠤᠰ ᠪᠦᠲᠦᠭᠡᠯ ᠊ᠢ ᠵᠤᠬᠢᠶᠠᠯᠴᠢ ᠂ ᠢᠷᠠᠭᠤ ᠨᠠᠢᠢᠷᠠᠬᠴᠢ ᠭ᠊ · ᠠᠶᠤᠷᠵᠠᠨ᠎ᠠ ᠵᠢᠨ ︽ᠳᠤᠷᠠᠯᠠᠯ ᠦᠭᠡᠢ ᠶᠢᠷᠲᠢᠨᠴᠦ ᠵᠢᠨ ᠪᠯᠢᠦᠽ︾ᠨᠤᠮ ᠳᠦ ᠣᠷᠤᠬᠰᠠᠨ ︽ᠬᠡᠪᠲᠡᠷᠢ ᠵᠢᠨ ᠬᠥᠮᠦᠨ︾ᠲᠤᠭᠤᠵᠢ ᠡᠴᠠ ᠰᠡᠳᠦᠪᠯᠡᠨ ᠪᠦᠲᠦᠭᠡᠵᠦ ᠪᠠᠢᠢᠭ᠎ᠠ  ᠶᠤᠮ᠃ ᠡᠷᠭᠢᠨ ᠰᠠᠨᠠᠭᠤᠯᠬᠤ ᠳᠤ᠂  ᠺᠠᠨᠨᠠ ᠶᠢᠨ ᠣᠯᠠᠨ ᠤᠯᠤᠰ ᠤᠨ ᠺᠢᠨᠣ᠋ ᠨᠠᠭᠠᠳᠤᠮ  ᠤᠨ Le Atelier ᠲᠥᠷᠦᠯ ᠳ᠋ᠦ ᠨᠠᠢᠢᠷᠠᠭᠤᠯᠤᠬᠴᠢ ᠰ᠊ · ᠪᠢᠮᠪᠠ ᠵᠢᠨ ︽ᠬᠡᠪᠲᠡᠷᠢ ᠵᠢᠨ ᠬᠥᠮᠦᠨ︾ ᠺᠢᠨᠣ᠋ ᠵᠤᠬᠢᠶᠠᠯ ᠰᠢᠯᠭᠠᠷᠠᠬᠰᠠᠨ ᠪᠥᠭᠡᠳ ᠲᠤᠰ ᠨᠠᠢᠢᠷᠠᠭᠤᠯᠤᠬᠴᠢ ᠨᠢ ︽ᠬᠦᠢ︾᠂ ︽ᠨᠤᠬᠠᠢ ᠣᠷᠤᠨ︾᠂ ︽ᠮᠤᠩᠭᠤᠯ  ᠤᠨ ᠳᠠᠭᠤᠤ ︾᠂ ︽ᠮᠥᠩᠬᠡ ᠵᠢᠨ ᠬᠥᠳᠡᠯᠭᠡᠭᠦᠷ ︾᠂ ︽ᠬᠠᠳᠠᠭ︾᠂ ︽ᠬᠦᠰᠡᠯ ᠰᠢᠨᠤᠯ︾᠂ ︽ᠠᠯᠠᠭ ᠦᠷᠡᠰ︾᠂ ︽ᠠᠯᠤᠰ  ᠤᠨ ᠤᠳᠤᠷᠢᠳᠤᠯᠭ᠎ᠠ ︾ᠵᠡᠷᠭᠡ ᠺᠢᠨᠣ᠋ ᠳ᠋ᠤ ᠵᠢᠷᠤᠬᠯᠠᠭᠠᠴᠢ ᠂ ᠨᠠᠢᠢᠷᠠᠭᠤᠯᠤᠬᠴᠢ ᠂  ᠫᠷᠤᠳᠢᠦᠰᠸᠷ ᠢᠶᠠᠷ ᠠᠵᠢᠯᠯᠠᠬᠰᠠᠨ ᠶᠤᠮ ᠃

ᠬᠠᠷᠢᠨ ᠡᠨᠡ ᠤᠳᠠᠭ᠎ᠠ ᠲᠡᠷᠡ ᠪᠡᠷ ᠺᠠᠨᠨᠠ ᠶᠢᠨ ᠺᠢᠨᠣ᠋ ᠨᠠᠭᠠᠳᠤᠮ  ᠤᠨ Le Atelier  ᠬᠥᠲᠦᠯᠪᠦᠷᠢ ᠵᠢᠨ ᠳᠡᠮᠵᠢᠯᠭᠡ ᠲᠠᠢ ᠪᠠᠷ Guru Media ᠂ Nomadia Pictures ᠬᠠᠮᠲᠤᠷᠠᠨ ᠪᠦᠲᠦᠭᠡᠭᠰᠡᠨ ᠪᠠᠢᠢᠨ᠎ᠠ ᠃ ᠲᠤᠰ ᠬᠥᠲᠦᠯᠪᠦᠷᠢ ᠨᠢ ᠳᠡᠯᠡᠬᠡᠢ ᠵᠢᠨ ᠠᠪᠢᠶᠠᠰᠯᠢᠭ ᠤᠷᠠᠨ ᠪᠦᠲᠦᠭᠡᠯᠴᠢᠳ  ᠤᠨ ᠺᠢᠨᠣ᠋ ᠲᠥᠰᠦᠯ ᠊ᠢ ᠳᠡᠮᠵᠢᠬᠦ ᠂ ᠣᠯᠠᠨ ᠤᠯᠤᠰ  ᠤᠨ ᠺᠢᠨᠣ᠋ ᠰᠲ᠋ᠦ᠋ᠳᠢ ᠂ ᠫᠷᠤᠳᠢᠤᠰᠸᠷ ᠪᠣᠯᠤᠨ ᠺᠢᠨᠣ᠋ ᠰᠠᠩᠬᠦᠵᠢᠭᠦᠯᠦᠭᠴᠢ ᠨᠠᠷ ᠲᠤ ᠵᠤᠷᠢᠭᠤᠯᠵᠤ 2005 ᠣᠨ ᠡᠴᠠ ᠡᠬᠢᠯᠡᠨ ᠬᠡᠷᠡᠭᠵᠢᠭᠰᠡᠨ ᠪᠠᠢᠢᠨ᠎ᠠ ᠃ ᠬᠥᠲᠦᠯᠪᠦᠷᠢ ᠳ᠋ᠦ ᠰᠢᠯᠭᠠᠷᠠᠬᠰᠠᠨ ᠨᠠᠢᠢᠷᠠᠭᠤᠯᠤᠬᠴᠢᠳ ᠢᠷᠡᠬᠦ ᠤᠨ ᠤ ᠲᠠᠪᠤᠳᠤᠭᠠᠷ ᠰᠠᠷ᠎ᠠ ᠵᠢᠨ 19 – 25᠎ ᠳ᠋ᠦ ᠺᠢᠨᠣ᠋ ᠰᠠᠯᠪᠤᠷᠢ ᠵᠢᠨ ᠬᠥᠷᠦᠩᠭᠡ ᠣᠷᠤᠭᠤᠯᠤᠬᠴᠢᠳ ᠪᠣᠯᠤᠨ ᠺᠣᠮᠫᠠᠨᠢ ᠨᠤᠭᠤᠳ ᠤᠨ ᠲᠥᠯᠦᠭᠡᠯᠡᠯ ᠲᠠᠢ ᠠᠭᠤᠯᠵᠠᠨ ᠲᠥᠰᠦᠯ ᠵᠢᠨᠨ ᠲᠠᠨᠢᠯᠴᠠᠭᠤᠯᠬᠤ  ᠶᠤᠮ ᠃ ᠬᠥᠲᠦᠯᠪᠦᠷᠢ ᠳ᠋ᠦ ᠨᠡᠢᠢᠲᠡ 14 ᠣᠷᠤᠨ ᠪ 16 ᠨᠠᠢᠢᠷᠠᠭᠤᠯᠤᠬᠴᠢ ᠵᠢᠨ ᠪᠦᠲᠦᠭᠡᠯ ᠰᠢᠯᠭᠠᠷᠠᠬᠰᠠᠨ  ᠪᠠᠢᠨ᠎ᠠ ᠃

ᠰᠡᠳᠬᠢᠭᠳᠡᠯ ᠦᠯᠡᠳᠡᠭᠡᠬᠦ