ᠭᠠᠷᠮ᠎ᠠ ᠵᠢᠨ ᠪᠠᠷᠰᠪᠤᠯᠤᠳ ᠠᠬᠰᠠᠨ ᠪ ᠨᠡᠷᠡᠮᠵᠢᠲᠦ ᠡᠷᠴᠢᠮᠲᠦ ᠠᠯᠬᠤᠯᠲᠠ ᠵᠢᠨ ᠤᠯᠤᠰ ᠤᠨ ᠠᠪᠤᠷᠭᠤ ᠰᠢᠯᠭᠠᠷᠠᠭᠤᠯᠬᠤ ᠲᠡᠮᠡᠴᠡᠭᠡᠨ ᠡᠨᠡ ᠰᠠᠷ᠎ᠠ ᠵᠢᠨ 19 ᠳ᠋ᠦ ᠪᠣᠯᠤᠯ᠎ᠠ ᠃ ᠡᠨᠡ ᠤᠳᠠᠭ᠎ᠠ ᠤᠯᠠᠭᠠᠨᠪᠠᠭᠠᠲᠤᠷ ᠬᠤᠲᠠ ᠂ ᠬᠥᠳᠡᠭᠡ ᠣᠷᠤᠨ ᠨᠤᠲᠤᠭ ᠤᠨ 21 ᠺᠯᠦ᠋ᠪ ᠤᠨ 34 ᠪᠠᠭ ᠤᠨ 238 ᠲᠠᠮᠢᠷᠴᠢᠨ ᠬᠤᠷᠳᠤ ᠬᠦᠴᠦ ᠪᠡᠨ ᠰᠤᠷᠢᠪᠠ᠃ ᠲᠡᠮᠡᠴᠡᠭᠡᠨ ᠳ᠋ᠦ︽ iRUN ︾ ᠺᠯᠦ᠋ᠪ ᠤᠨ ᠭᠤᠷᠪᠠᠳᠤᠭᠠᠷ ᠪᠠᠭ ᠬᠤᠶᠠᠷ ᠴᠠᠭ 19 ᠮᠢᠨᠦ᠋ᠲ ᠤᠨ ᠠᠮᠵᠢᠯᠲᠠ ᠪᠠᠷ ᠠᠯᠲᠠ ᠂ ︽ᠬᠠᠮᠲᠤ ᠳ᠋ᠤ ᠪᠠᠨ ᠠᠯᠬᠤᠵᠠᠭᠠᠶᠠ︾ᠺᠯᠦ᠋ᠪ ᠤᠨ ᠨᠢᠭᠡᠳᠦᠭᠡᠷ ᠪᠠᠭ ᠬᠤᠶᠠᠷ ᠴᠠᠭ 29 ᠮᠢᠨᠦ᠋ᠲ ᠲᠦ ᠪᠠᠷᠢᠶᠠᠨ ᠳᠤ ᠣᠷᠤᠵᠤ ᠮᠥᠩᠭᠥ ᠂ ︽ UB hiking ︾ ᠺᠯᠦ᠋ᠪ ᠤᠨ ᠨᠢᠭᠡᠳᠦᠭᠡᠷ ᠪᠠᠭ ᠬᠤᠶᠠᠷ ᠴᠠᠭ 32 ᠮᠢᠨᠦ᠋ᠲ ᠤᠨ ᠦᠵᠡᠭᠦᠯᠦᠯᠲᠡ ᠪᠡᠷ ᠬᠦᠷᠡᠯ ᠮᠧᠳᠠᠯ ᠬᠦᠷᠲᠡᠵᠡᠢ ᠃ ᠲᠤᠰᠬᠠᠢ ᠳᠥᠷᠪᠡ ᠂ ᠲᠠᠪᠤᠳᠤᠭᠠᠷ ᠪᠠᠢᠢᠷᠢ ᠵᠢᠨ ᠱᠠᠩᠨᠠᠯ ᠊ᠢ ︽ᠬᠠᠢᠢᠷᠬᠠᠨ︾᠂ ︽ᠬᠤᠷᠢᠽᠤᠨ︾ ᠪ ᠲᠤᠰ ᠪᠦᠷᠢ ᠨᠢᠭᠡᠳᠦᠭᠡᠷ ᠪᠠᠭ ᠬᠦᠷᠲᠡᠭᠰᠡᠨ ᠪᠠᠢᠢᠨ᠎ᠠ᠃ ᠡᠯ᠎ᠡ ᠲᠡᠮᠡᠴᠡᠭᠡᠨ ᠊ᠢ ︽ᠬᠠᠢᠢᠷᠬᠠᠨ︾ᠠᠶᠠᠯᠠᠬᠴᠢ ᠺᠯᠦ᠋ᠪ ᠵᠤᠬᠢᠶᠠᠨ ᠪᠠᠢᠢᠭᠤᠯᠳᠠᠭ᠃ ᠠᠩᠬ᠎ᠠ ᠵᠤᠬᠢᠶᠠᠨ ᠪᠠᠢᠢᠭᠤᠯᠤᠬᠰᠠᠨ ᠡᠴᠠ ᠬᠤᠢᠢᠰᠢ ᠳᠤᠯᠤᠭ᠎ᠠ ᠂ ᠤᠯᠤᠰ ᠤᠨ ᠴᠢᠨᠠᠷᠲᠠᠢ ᠬᠤᠶᠠᠳᠠᠬᠢ ᠲᠡᠮᠡᠴᠡᠭᠡᠨ ᠡᠨᠡ ᠤᠳᠠᠭ᠎ᠠ ᠪᠣᠯᠤᠯ᠎ᠠ ᠃ ᠺᠯᠦ᠋ᠪ ᠤᠳ ᠤᠨ ᠳᠤᠯᠤᠭᠠᠨ ᠭᠡᠰᠢᠭᠦᠨ ᠪ︵ ᠭᠤᠷᠪᠠᠨ ᠡᠷᠡᠭᠲᠡᠢ ᠂ ᠳᠥᠷᠪᠡᠨ ᠡᠮᠡᠭᠲᠡᠢ︶ᠪᠦᠷᠢᠯᠳᠦᠬᠦᠨ ᠲᠠᠢ ᠪᠠᠭ ᠲᠥᠪ ᠠᠢᠢᠮᠠᠭ ᠤᠨ ᠨᠤᠲᠤᠭ ᠲᠠᠬᠢ ᠮᠠᠨᠽᠤᠰᠢᠷᠢ ᠬᠡᠢᠢᠳ ᠡᠴᠡ ᠵᠠᠢᠢᠰᠠᠩ ᠤᠨ ᠠᠮᠠ ᠬᠦᠷᠲᠡᠯ᠎ᠡ 17.5 ᠺᠢᠯᠤᠮᠧᠲ᠋ᠷ ᠵᠠᠢ ᠳᠤ ᠤᠷᠤᠯᠳᠤᠳᠠᠭ ᠶᠤᠮ ᠃